ᠮᠠᠯ ᠰᠦᠷᠣᠭ᠌ ᠢᠶᠠᠨ ᠦᠨᠢᠷ ᠦᠰᠭᠡᠨ᠂ ᠮᠠᠯ | ᠠᠵᠤ ᠠᠬᠤᠢ ᠶᠢᠨ ᠤᠶᠢᠯᠡᠳᠪᠤᠷᠢᠯᠡᠯ ᠤᠨ | ᠲᠤᠭᠲᠠᠭᠤᠨ ᠬᠦᠭᠵᠢᠯᠲᠠ ᠪᠠᠨ ᠪᠠᠲᠤᠯᠠᠨ | ᠠᠬᠢᠭᠤᠯᠬᠤ ᠳᠤ᠂ ᠮᠠᠯ ᠰᠦᠷᠤᠭ᠌ ᠤᠨ ᠭᠡᠮ | ᠬᠢᠵᠢᠭ ᠤᠨ ᠰᠡᠷᠭᠡᠶᠢᠯᠡᠯᠲᠠ ᠶᠢᠨ | ᠲᠠᠷᠢᠯᠭ᠎ᠠ ᠶᠢ ᠲᠤᠭᠲᠠᠭᠰᠠᠨ | ᠬᠤᠭᠤᠴᠠᠭᠠᠨ ᠳᠤ ᠴᠢᠨᠡᠷ ᠰᠠᠶᠢᠲᠠᠢ | ᠬᠢᠯᠭᠡᠵᠤ ᠬᠦᠢᠴᠡᠳᠭᠡᠬᠦ ᠨᠢ᠂ ᠮᠠᠯ ᠳᠤ | ᠭᠡᠨᠡᠳᠲᠠ ᠶᠢᠨ ᠴᠢᠨᠠᠷᠲᠠᠢ ᠭᠡᠮ ᠬᠢᠵᠢᠭ | ᠲᠤᠰᠴᠤ ᠦᠬᠦᠵᠤ ᠬᠤᠬᠢᠷᠠᠬᠤ ᠠᠴᠠ | ᠪᠦᠲᠤᠮᠵᠢ ᠲᠠᠢ ᠰᠡᠷᠭᠡᠶᠢᠯᠡᠵᠤ᠂ ᠮᠠᠯᠴᠢᠨ | ᠲᠦᠮᠡᠨ ᠤ ᠤᠶᠢᠯᠡᠳᠪᠤᠷᠢᠯᠡᠯ | ᠠᠮᠢᠲᠤᠷᠠᠯ ᠢᠶᠠᠨ ᠦᠭᠡᠲᠡ ᠲᠠᠲᠠᠨ | ᠬᠦᠭᠵᠢᠬᠦᠯᠬᠦ ᠳᠤ ᠴᠢᠬᠤᠯᠡ ᠤᠶᠢᠯᠡᠲᠤᠯ | ᠦᠵᠡᠬᠦᠯᠬᠦ ᠶᠤᠮ᠃ | ᠮᠠᠯ ᠲᠡᠵᠢᠭᠡᠪᠤᠷᠢ ᠶᠢᠨ ᠡᠯ᠎ᠡ ᠵᠦᠢᠯ ᠤᠨ | ᠬᠠᠯᠲᠠᠪᠤᠷᠢᠲᠤ ᠡᠪᠡᠳᠴᠢᠨ ᠢ ᠲᠦᠷᠤᠯ | ᠬᠤᠪᠢᠶᠠᠨ ᠴᠢᠩᠭ᠎ᠠ ᠰᠡᠷᠭᠡᠶᠢᠯᠡᠨ | ᠬᠠᠮᠢᠶᠠᠷᠴᠤ᠂ ᠬᠠᠯᠲᠠᠪᠤᠷᠢᠲᠤ ᠡᠪᠡᠳᠴᠢᠨ ᠤ | ᠲᠠᠷᠢᠯᠭ᠎ᠠ ᠶᠢᠨ ᠰᠦᠢᠳᠬᠡᠯ ᠢ ᠤᠯᠤᠰ ᠠᠴᠠ | ᠬᠠᠷᠢᠭᠤᠴᠠᠵᠤ᠂ ᠶᠡᠷᠤᠩᠬᠡᠢ ᠳᠡᠭᠡᠨ | ᠬᠤᠰᠢᠭᠤ ᠰᠤᠮᠤᠨ ᠤ ᠮᠠᠯ ᠡᠮᠨᠡᠯᠭᠡ ᠶᠢᠨ | ᠰᠠᠯᠠᠭ᠎ᠠ ᠮᠦᠴᠢᠷ ᠨᠢ᠂ ᠲᠠᠷᠢᠯᠭ᠎ᠠ ᠶᠢᠨ | ᠡᠮ ᠢ ᠦᠨ᠎ᠡ ᠲᠦᠯᠤᠪᠤᠷᠢ ᠦᠭᠡᠢ ᠬᠠᠩᠭᠠᠨ | ᠦᠭᠴᠤ᠂ ᠬᠢᠨᠠᠯᠲᠠ ᠬᠠᠮᠢᠶᠠᠷᠤᠯᠲᠠ | ᠬᠢᠬᠦ ᠳᠡᠭᠡᠨ ᠲᠦᠷᠢᠮ ᠲᠤᠭᠲᠠᠭᠠᠯ | ᠵᠦᠷᠢᠴᠡᠭᠰᠡᠳ ᠢ ᠬᠡᠯᠡᠵᠤ ᠰᠤᠷᠭᠠᠨ᠂ | ᠮᠠᠯ ᠤᠨ ᠡᠯ᠎ᠡ ᠵᠦᠢᠯ ᠤᠨ ᠬᠠᠯᠲᠠᠪᠤᠷᠢᠲᠤ | ᠡᠪᠡᠳᠴᠢᠨ ᠢ ᠰᠡᠷᠭᠡᠶᠢᠯᠡᠬᠦ ᠴᠢᠬᠤᠯᠠ | ᠴᠢᠨᠠᠷ ᠬᠢᠭᠡᠳ ᠭᠡᠮ ᠬᠢᠵᠢᠭ ᠢ ᠰᠡᠷᠭᠡᠶᠢᠯᠡᠨ | ᠬᠤᠷᠢᠬᠯᠠᠬᠤ ᠤᠬᠠᠭᠤᠯᠭ᠎ᠠ ᠶᠢᠨ | ᠠᠵᠢᠯ ᠢᠶᠠᠷ ᠭᠤᠤᠯᠲᠠᠭᠤᠯᠵᠤ᠂ ᠭᠠᠴᠠᠭᠠᠨ ᠤ | ᠬᠢᠵᠢᠭ ᠢ ᠰᠡᠷᠭᠡᠶᠢᠯᠡᠭᠴᠢ ᠶᠢ | ᠬᠦᠮᠤᠵᠢᠬᠦᠯᠭᠦ ᠪᠠᠷ ᠲᠠᠮᠵᠢᠨ᠂ ᠲᠡᠲᠡ | ᠨᠠᠷ ᠢᠶᠠᠷ ᠲᠤᠰᠬᠠᠢ ᠬᠠᠷᠢᠭᠤᠴᠠᠭᠤᠯᠤᠨ | ᠬᠢᠯᠭᠡᠬᠦ ᠳᠡᠭᠡᠨ ᠤᠶᠢᠯᠡᠴᠢᠯᠡᠭᠡᠨ ᠤ | ᠰᠦᠢᠳᠭᠡᠯ ᠢ ᠨᠢ ᠬᠦᠷᠲᠡᠯ᠎ᠡ | ᠭᠡᠯᠲᠤᠷᠢᠬᠦᠯᠬᠦ ᠪᠤᠯᠤᠭᠰᠠᠨ ᠢᠶᠠᠷ | ᠮᠠᠯᠴᠢᠳ ᠵᠥᠪᠭᠡᠨ ᠮᠠᠯ ᠤᠨ ᠢᠶᠠᠨ | ᠤᠬᠢᠶᠠᠯᠲᠠ ᠴᠢᠳᠬᠤᠯᠲᠠ ᠶᠢᠨ ᠠᠵᠢᠯ ᠢ | ᠦᠪᠡᠷ ᠲᠡᠭᠡᠨ ᠬᠠᠷᠢᠭᠤᠴᠠᠨ ᠬᠢᠬᠦ | ᠪᠤᠯᠤᠭᠰᠠᠨ ᠪᠠᠶᠢᠲᠠᠭ᠃ ᠭᠡᠪᠡᠴᠤ ᠵᠠᠷᠢᠮ | ᠮᠠᠯᠴᠢᠳ ᠬᠠᠷᠢᠨ ᠡᠨᠡ ᠬᠦ ᠠᠵᠢᠯ ᠢ | ᠴᠢᠬᠤᠯᠠᠴᠢᠯᠠᠨ ᠦᠵᠡᠬᠦ ᠦᠵᠡᠯ ᠤᠬᠠᠮᠰᠠᠷ | ᠲᠦᠢᠯ ᠤᠨ ᠪᠠᠷᠤᠭᠲᠠᠢ ᠪᠠᠶᠢᠲᠠᠭ ᠢᠶᠠᠷ | ᠬᠢᠵᠢᠭ ᠢ ᠰᠡᠷᠭᠡᠶᠢᠯᠡᠭᠴᠢ ᠶᠢᠨ ᠠᠵᠢᠯ ᠳᠤ | ᠶᠡᠬᠡᠲᠡ ᠬᠦᠴᠢᠷᠲᠡᠯ ᠤᠴᠡᠷᠠᠭᠤᠯᠵᠤ᠂ ᠵᠠᠷᠢᠮ | ᠠᠶᠢᠯ ᠤᠨ ᠮᠠᠯ ᠳᠤᠨᠢ | ᠰᠡᠷᠭᠡᠶᠢᠯᠡᠯᠲᠠ ᠶᠢᠨ ᠲᠠᠷᠢᠯᠭ᠎ᠠ | ᠬᠢᠬᠦ ᠳᠤ ᠬᠡᠳᠤ ᠲᠠᠬᠢᠨ᠋ ᠭᠡᠷ ᠲᠤᠨᠢ ᠤᠴᠢᠬᠤ | ᠦᠵᠡᠭᠲᠠᠯ ᠴᠤ ᠵᠦᠩᠲᠡᠭᠡᠨ ᠲᠤᠬᠢᠶᠠᠯᠳᠤᠳᠠᠭ᠃ | ᠡᠲᠡᠭᠡᠷ ᠮᠠᠯᠴᠢᠳ ᠤᠨ ᠨᠡᠶᠢᠲᠡᠯᠢᠭ | ᠤᠨᠴᠠᠯᠢᠭ ᠭᠡᠪᠡᠯ᠂ ︽ᠮᠠᠨ ᠤ ᠮᠠᠯ ᠨᠢᠭᠡᠨᠲᠡ | ᠪᠡᠯᠴᠢᠭᠡᠷ ᠲᠡᠭᠡᠨ ᠭᠠᠷᠤᠭᠰᠠᠨ᠂ ᠤᠲᠤ ᠪᠢ | ᠵᠠᠪ ᠦᠭᠡᠢ᠂ ᠶᠠᠭᠤᠮᠠᠨ ᠳᠤ ᠶᠡᠪᠤᠬᠤ ᠭᠡᠵᠤ | ᠪᠠᠶᠢᠨ᠎ᠠ᠂ ᠲᠠ ᠲᠠᠬᠢᠵᠤ ᠢᠷᠡᠵᠤ ᠬᠢᠬᠦ | ᠪᠤᠯᠪᠠᠤ᠂ ᠬᠡᠷᠪᠡ ᠬᠢᠬᠦ ᠴᠢᠬᠤᠯᠠᠲᠠᠢ ᠪᠤᠯ | ᠦᠪᠡᠷ ᠲᠡᠭᠡᠨ ᠪᠡᠯᠴᠢᠭᠡᠷ ᠲᠤᠨᠢ ᠤᠴᠢᠨ᠎ᠠ | ᠰᠢᠤ ᠳ᠋ᠠ︕︾ ᠭᠡᠬᠦ ᠮᠡᠲᠤ ᠶᠢᠨ ᠦᠴᠤᠬᠡᠨ ᠴᠤ | ᠬᠠᠷᠢᠭᠤᠴᠠᠯᠭ᠎ᠠ ᠦᠭᠡᠢ ᠦᠭᠡ ᠬᠡᠯᠡᠵᠤ᠂ | ᠮᠤᠲ᠋ᠤᠷ ᠪᠢᠰᠢ ᠪᠤᠯ ᠲᠡᠷᠭᠡ ᠪᠠᠨ | ᠵᠢᠯᠤᠭᠤᠳᠴᠤ ᠭᠠᠳᠠᠬᠰᠢ ᠶᠠᠪᠤᠴᠢᠬᠠᠲᠠᠭ᠃ | ᠶᠠᠷᠢᠶᠠᠨ ᠦᠭᠡᠢ ᠢᠢᠮᠤᠷᠬᠦᠤ ᠮᠠᠯᠴᠢᠳ | ᠴᠦᠬᠡᠨ᠃ ᠭᠡᠪᠡᠴᠤ ᠴᠦᠬᠡᠨ ᠭᠡᠳ ᠬᠠᠮᠢᠶᠠᠷᠬᠤ | ᠦᠭᠡᠢ ᠪᠠᠶᠢᠵᠤ ᠬᠠᠶᠠᠭᠠᠨ ᠳᠤᠨᠢ ᠬᠠᠶᠠᠵᠤ | ᠶᠠᠭᠠᠬᠢᠭᠰᠠᠨ ᠴᠤ ᠪᠤᠯᠬᠤ ᠦᠭᠡᠢ᠃ | ᠬᠠᠯᠲᠠᠪᠤᠷᠢᠲᠤ ᠡᠪᠡᠳᠴᠢᠨ ᠤ ᠭᠡᠮ | ᠬᠢᠵᠢᠭ ᠤᠨ ᠰᠡᠷᠭᠡᠶᠢᠯᠡᠯᠲᠠ ᠶᠢᠨ | ᠲᠠᠷᠢᠯᠭ᠎ᠠ ᠪᠤᠯ ᠴᠠᠭ ᠬᠤᠭᠤᠴᠠᠭᠠᠲᠤ | ᠴᠢᠨᠠᠷ ᠢᠶᠠᠷ ᠲᠦᠢᠯ ᠤᠨ ᠴᠢᠩᠭ᠎ᠠ | ᠮᠦᠷᠲᠡᠭᠡᠨ ᠮᠡᠷᠭᠡᠵᠢᠯ ᠤᠨ | ᠱᠠᠭᠠᠷᠲᠠᠯᠭ᠎ᠠ ᠪᠠᠷ ᠦᠨᠲᠤᠷ ᠪᠠᠶᠢᠲᠠᠭ | ᠲᠤᠯᠡ ᠮᠠᠯᠴᠢᠳ ᠢᠢᠮᠤ ᠲᠡᠶᠢᠮᠣ ᠰᠢᠯᠲᠠᠭ | ᠲᠤᠷᠠᠲᠤᠨ᠂ ᠲᠤᠭᠲᠠᠭᠰᠠᠨ ᠬᠤᠭᠤᠴᠠᠭᠠᠨ ᠳᠤ | ᠬᠢᠯᠭᠡᠬᠦ ᠦᠭᠡᠢ ᠳᠤ ᠬᠦᠷᠪᠡᠯ | ᠲᠠᠷᠢᠯᠭ᠎ᠠ ᠶᠢᠨ ᠦᠷ᠎ᠡ ᠪᠦᠳᠦᠮᠵᠢ ᠶᠢ | ᠰᠢᠭᠤᠳ ᠨᠦᠯᠤᠭᠡᠯᠡᠬᠦ ᠪᠤᠯᠤᠨ᠎ᠠ᠃ ᠬᠡᠷᠪᠡ | ᠬᠠᠯᠲᠠᠪᠤᠷᠢᠲᠤ ᠡᠪᠡᠳᠴᠢᠨ ᠤ ᠭᠡᠮ ᠬᠢᠵᠢᠭ ᠢ | ᠰᠡᠷᠭᠡᠶᠢᠯᠡᠬᠦ ᠲᠠᠷᠢᠯᠭ᠎ᠠ ᠬᠢᠯᠭᠡᠭᠰᠡᠨ | ᠦᠭᠡᠢ ᠠᠴᠠ ᠪᠤᠯᠵᠤ᠂ ᠮᠠᠯ ᠳᠤᠨᠢ | ᠬᠠᠯᠲᠠᠪᠤᠷᠢᠲᠤ ᠴᠢᠨᠠᠷᠲᠠᠢ ᠭᠡᠮ ᠬᠢᠵᠢᠭ | ᠢᠯᠡᠷᠡᠪᠡᠯ᠂ ᠨᠢᠭᠡ ᠠᠶᠢᠯ ᠤᠨ ᠤᠴᠢᠷ ᠪᠢᠰᠢ | ᠪᠤᠯᠵᠤ᠂ ᠨᠢᠭᠡ ᠬᠤᠲᠠ ᠤᠰᠤ ᠴᠢᠨᠠᠭᠰᠢᠯᠠᠪᠠᠯ | ᠦᠷᠪᠢᠰᠴᠤ ᠲᠡᠯᠭᠡᠷᠡᠭᠡᠳ ᠨᠢᠭᠡ ᠭᠠᠵᠠᠷ | ᠤᠷᠤᠨ ᠢ ᠬᠢᠵᠢᠭ ᠨᠦᠯᠤᠭᠡᠯᠡᠬᠦ ᠭᠦᠨᠳᠤ | ᠨᠤᠴᠢᠳᠠᠢ ᠪᠠᠶᠢᠲᠠᠯ ᠲᠠᠢ ᠪᠤᠯᠪᠠᠯ ᠬᠡᠨ | ᠬᠠᠷᠢᠭᠤᠴᠠᠯᠭ᠎ᠠ ᠡᠭᠦᠷᠭᠡᠯᠡᠭᠦ ᠪᠤᠯ︖ | ᠮᠠᠯᠴᠢᠳ ᠬᠠᠤᠯᠢ ᠶᠢᠨ ᠬᠠᠷᠢᠭᠤᠴᠠᠯᠭ᠎ᠠ | ᠪᠠᠶᠢᠭ᠎ᠠ ᠤᠤ︖ ᠭᠡᠭᠦ ᠮᠡᠳᠤ ᠪᠠᠷ | ᠪᠤᠳᠤᠯᠬᠢᠯᠠᠵᠤ ᠦᠵᠡᠭᠦ ᠭᠡᠷᠡᠭᠳᠡᠢ᠃ | ᠡᠬᠦᠨ ᠠᠴᠠ ᠦᠵᠡᠬᠦ ᠳᠤ ᠮᠠᠯ ᠤᠨᠤᠭ᠎ᠠ ᠶᠢᠨ | ᠰᠦᠢᠳᠤᠯ ᠬᠢᠭᠡᠳ ᠵᠠᠬ᠎ᠠ ᠲᠡᠯᠭᠡᠬᠦᠷ ᠲᠤ | ᠤᠴᠠᠷᠠᠭᠤᠯᠤᠭᠰᠠᠨ ᠬᠠᠷᠢᠭᠤᠴᠠᠯᠭ᠎ᠠ ᠶᠢ | ᠬᠠᠤᠯᠢ ᠪᠠᠷ ᠬᠡᠨ ᠡᠬᠦᠷᠭᠡᠯᠡᠪᠡᠯ ᠵᠤᠬᠢᠬᠤ | ᠵᠡᠷᠭᠡ ᠶᠡᠭᠡ ᠲᠠᠯ᠎ᠠ ᠠᠴᠠ ᠢᠯᠡᠬᠦᠬᠡᠨ | ᠪᠤᠲᠤᠯᠬᠢᠯᠠᠵᠤ᠂ ᠮᠠᠯ ᠰᠦᠷᠤᠭ᠌ ᠤᠨ | ᠬᠠᠯᠲᠠᠪᠤᠷᠢᠲᠤ ᠡᠪᠡᠳᠴᠢᠨ ᠢ | ᠰᠡᠷᠭᠡᠶᠢᠯᠡᠬᠦ ᠬᠠᠤᠯᠢ ᠲᠦᠷᠢᠮ ᠤᠨ ᠲᠤᠬᠠᠢ | ᠦᠵᠡᠯᠲᠠ ᠲᠠᠨᠢᠯᠲᠠ ᠪᠠᠨ ᠮᠠᠯᠴᠢᠳ ᠴᠤ | ᠶᠡᠭᠡ ᠪᠠᠷ ᠲᠡᠭᠡᠭᠰᠢᠯᠡᠬᠦᠯᠵᠤ᠂ ᠦᠪᠡᠷ ᠤᠨ | ᠡᠬᠦᠷᠭᠡ ᠬᠠᠷᠢᠭᠤᠴᠠᠯᠭ᠎ᠠ ᠪᠠᠨ ᠡᠷᠬᠡᠪᠰᠢ | ᠤᠬᠠᠮᠰᠠᠷ ᠠᠴᠠ ᠪᠠᠨ ᠰᠠᠶᠢᠲᠤᠷ | ᠬᠦᠢᠴᠡᠳᠭᠡᠬᠦ ᠴᠢᠬᠤᠯᠠᠲᠠᠢ ᠪᠠᠶᠢᠨ᠎ᠠ᠃ | ᠡᠭᠦᠨ ᠤ ᠬᠠᠮᠳᠤ ᠮᠠᠯᠴᠢᠳ ᠲᠦᠷᠢᠮ ᠲᠤᠭᠲᠠᠭᠠᠯ | ᠬᠢᠭᠡᠳ ᠬᠠᠤᠯᠢ ᠴᠠᠭᠠᠵᠠ ᠶᠢ ᠢᠯᠡᠬᠦᠬᠡᠨ | ᠰᠤᠷᠤᠯᠴᠠᠵᠤ᠂ ᠮᠡᠲᠡᠯᠭᠡ ᠮᠡᠲᠡᠴᠠ ᠦᠵᠡᠯ | ᠤᠬᠠᠮᠰᠠᠷ ᠢᠶᠠᠨ ᠶᠡᠭᠡ ᠪᠠᠷ | ᠲᠡᠭᠡᠭᠰᠢᠯᠡᠭᠦᠯᠤᠭ᠍ᠰᠠᠨ ᠪᠠᠶᠢᠬᠤ | ᠬᠡᠷᠡᠭᠲᠠᠢ᠃ ᠨᠦᠬᠦᠭᠡ ᠲᠠᠯ᠎ᠠ ᠪᠠᠷ | ᠭᠠᠴᠠᠭ᠎ᠠ ᠲᠤᠰᠬᠤᠨ ᠤ ᠬᠢᠵᠢᠭ ᠢ | ᠰᠡᠷᠭᠡᠶᠢᠯᠡᠭᠴᠢ ᠶᠢ ᠪᠠᠭᠲᠠᠭᠠᠭᠰᠠᠨ ᠮᠠᠯ | ᠡᠮᠨᠡᠯᠭᠡ ᠶᠢᠨ ᠰᠠᠯᠠᠭ᠎ᠠ ᠮᠦᠴᠢᠷ ᠤᠨ | ᠠᠵᠢᠯᠲᠠᠳ ᠡᠬᠦᠷᠭᠡ ᠬᠠᠷᠢᠭᠤᠴᠠᠯᠭ᠎ᠠ ᠪᠠᠨ | ᠪᠡᠲᠤ ᠴᠡᠭᠡᠵᠢᠯᠡᠨ᠂ ᠬᠠᠯᠲᠠᠪᠤᠷᠢᠲᠤ | ᠡᠪᠡᠳᠴᠢᠨ ᠤ ᠭᠡᠮ ᠬᠢᠵᠢᠭ ᠤᠨ | ᠰᠡᠷᠭᠡᠶᠢᠯᠡᠯᠲᠠ ᠶᠢᠨ ᠲᠠᠷᠢᠯᠭ᠎ᠠ ᠶᠢ | ᠰᠠᠶᠢᠲᠤᠷ ᠬᠢᠬᠦ ᠶᠢᠨ ᠲᠠᠭᠠᠤ ᠰᠤᠷᠲᠠᠯ | ᠤᠬᠠᠭᠤᠯᠭ᠎ᠠ ᠶᠢᠨ ᠠᠵᠢᠯ ᠢ ᠪᠠᠶᠢᠩᠭᠤ | ᠶᠠᠪᠤᠭᠳᠠᠭᠤᠯᠵᠤ᠂ ᠰᠢᠢᠳᠪᠤᠷᠢᠯᠡᠬᠦ ᠳᠤ | ᠮᠠᠲᠠᠭ ᠲᠠᠢ ᠠᠰᠠᠭᠤᠲᠠᠯ ᠭᠠᠷᠣᠭᠰᠠᠨ | ᠪᠠᠶᠢᠪᠠᠯ᠂ ᠲᠠᠷᠤᠢ ᠲᠦᠷᠭᠡᠨ ᠬᠠᠮᠢᠶ᠎ᠡ | ᠪᠦᠬᠦᠢ ᠰᠠᠯᠠᠭ᠎ᠠ ᠮᠦᠴᠢᠷ ᠲᠤ ᠮᠡᠳᠡᠭᠳᠡᠨ | ᠰᠢᠢᠳᠪᠤᠷᠢᠯᠡᠬᠦᠯᠦᠭᠰᠠᠨ ᠪᠠᠶᠢᠬᠤ | ᠬᠡᠷᠡᠭᠲᠠᠢ᠃ ᠨᠢᠭᠡ ᠬᠡᠲᠤᠨ ᠡᠷᠤᠬᠡ ᠶᠢᠨ | ᠤᠴᠢᠷ ᠶᠤᠮ ᠭᠡᠳ ᠲᠤᠷ᠎ᠠ ᠪᠠᠷ ᠨᠢ ᠲᠠᠯᠪᠢᠠ | ᠢᠯᠲᠠᠷ ᠬᠠᠶᠠᠵᠤ ᠶᠠᠭᠠᠬᠢᠭᠰᠠᠨ ᠴᠤ ᠪᠤᠯᠬᠤ | ᠦᠭᠡᠢ᠃ ᠡᠬᠦᠨ ᠤ ᠬᠠᠮᠲᠤ ᠡᠯ᠎ᠡ ᠰᠤᠮᠤ | ᠪᠠᠯᠭᠠᠰᠤᠨ ᠤ ᠵᠠᠰᠠᠭ ᠤᠨ ᠤᠷᠲᠤᠨ ᠬᠢᠭᠡᠳ | ᠭᠠᠴᠠᠭ᠎ᠠ ᠲᠤᠰᠬᠤᠨ ᠤ ᠠᠷᠠᠳ ᠤᠨ ᠵᠦᠪᠯᠡᠯ | ᠬᠠᠷᠢᠶ᠎ᠠ ᠤᠷᠤᠨ ᠤ ᠪᠠᠨ ᠮᠠᠯᠴᠢᠳ ᠲᠤ | ᠬᠠᠤᠯᠢ ᠲᠦᠷᠢᠮ ᠤᠨ ᠲᠤᠬᠠᠢ ᠤᠬᠠᠭᠤᠯᠭ᠎ᠠ | ᠬᠦᠮᠤᠵᠢᠯ ᠢ ᠪᠠᠶᠢᠩᠭᠤ ᠶᠢᠨ ᠴᠢᠨᠠᠷᠲᠠᠢ | ᠬᠢᠵᠤ᠂ ᠡᠨᠡ ᠬᠦ ᠠᠵᠢᠯ ᠢ ᠮᠠᠯᠴᠢᠨ ᠲᠦᠮᠡᠨ ᠤ | ᠤᠬᠠᠮᠰᠠᠷᠲᠤ ᠠᠵᠢᠯᠯᠠᠭ᠎ᠠ ᠶᠢᠨ ᠨᠢᠭᠡ | ᠪᠤᠯᠭᠠᠵᠤ᠂ ᠭᠡᠮ ᠬᠢᠵᠢᠭ ᠤᠨ | ᠰᠡᠷᠭᠡᠶᠢᠯᠡᠯᠳᠡ ᠶᠢᠨ ᠠᠵᠢᠯ ᠤᠨ ᠴᠢᠬᠤᠯᠡ | ᠴᠢᠨᠠᠷ ᠢ ᠡᠷᠬᠡᠪᠰᠢ ᠨᠡᠶᠢᠭᠡᠮ ᠤᠨ | ᠬᠠᠷᠢᠭᠤᠴᠠᠯᠭ᠎ᠠ ᠪᠠᠷ ᠮᠠᠯᠴᠢᠨ ᠲᠦᠮᠡᠨ ᠳᠤ | ᠲᠠᠨᠢᠭᠤᠯᠵᠤ ᠮᠡᠲᠡᠷᠡᠬᠦᠯᠤᠭ᠍ᠰᠠᠨ ᠪᠠᠶᠢᠬᠤ | ᠬᠡᠷᠡᠭᠲᠠᠢ᠃ ᠬᠠᠷᠢᠨ ᠭᠠᠭᠴᠡ ᠮᠠᠯ | ᠡᠮᠨᠡᠯᠭᠡ ᠶᠢᠨ ᠰᠠᠯᠠᠭ᠎ᠠ ᠮᠦᠴᠢᠷ ᠲᠤ | ᠲᠦᠯᠬᠢᠵᠤ ᠠᠯᠪᠡ ᠬᠠᠰᠢᠵᠤ ᠠᠮᠠ ᠪᠦᠭᠯᠡᠭᠦ | ᠨᠠᠵᠠᠭᠠᠢ ᠠᠵᠢᠯ ᠤᠨ ᠰᠤᠷᠲᠠᠯ ᠢᠶᠠᠷ | ᠬᠠᠨᠲᠤᠵᠤ ᠶᠠᠭᠠᠬᠢᠭᠰᠠᠨ ᠴᠤ ᠪᠤᠯᠬᠤ ᠦᠭᠡᠢ᠃ | ᠭᠠᠭᠴᠠ ᠬᠦ ᠤᠯᠠᠨ ᠤ ᠬᠦᠴᠤ ᠶᠢ ᠲᠠᠶᠢᠴᠢᠯᠠᠨ᠂ | ᠮᠠᠯᠴᠢᠳ ᠴᠤ ᠭᠡᠰᠠᠨ ᠦᠭᠡᠢ ᠦᠪᠡᠷ ᠤᠨ | ᠡᠬᠦᠷᠭᠡ ᠬᠠᠷᠢᠭᠤᠴᠠᠯᠭ᠎ᠠ ᠪᠠᠨ ᠮᠡᠳᠡᠵᠤ᠂ | ᠲᠦᠷᠢᠮ ᠲᠤᠭᠲᠠᠭᠠᠯ ᠪᠠ ᠬᠠᠤᠯᠢ ᠶᠢᠨ | ᠱᠠᠭᠠᠷᠲᠠᠯᠭ᠎ᠠ ᠶᠤᠰᠤᠭᠠᠷ ᠭᠡᠮ ᠬᠢᠵᠢᠭ ᠤᠨ | ᠲᠠᠷᠢᠯᠭ᠎ᠠ ᠶᠢ ᠭᠦᠨᠳᠦᠳᠭᠡᠨ ᠦᠵᠡᠵᠤ ᠨᠠᠷᠢᠨ | ᠬᠢᠨᠠᠮᠠᠭᠠᠢ ᠪᠠᠷ ᠨᠢᠬᠳᠡ ᠬᠠᠮᠵᠢᠯᠴᠠᠨ | ᠶᠠᠪᠤᠭᠲᠠᠭᠤᠯᠲᠠᠭ ᠯᠠ ᠶᠤᠮ ᠪᠤᠯ ᠯᠠᠪᠲᠠᠶ᠎ᠠ | ᠮᠠᠯ ᠰᠦᠷᠤᠭ᠌ ᠤᠨ ᠬᠠᠯᠲᠠᠪᠤᠷᠢᠲᠤ ᠭᠡᠮ | ᠬᠢᠵᠢᠭ ᠢ ᠪᠦᠲᠤᠮᠵᠢ ᠲᠠᠢ ᠰᠡᠷᠭᠡᠶᠢᠯᠡᠭᠦ | ᠵᠤᠷᠢᠯᠭ᠎ᠠ ᠳᠠᠭᠠᠨ ᠬᠦᠷᠴᠤ ᠴᠢᠲᠠᠬᠤ ᠨᠢ | ᠯᠠᠪᠳᠠᠢ ᠶᠤᠮ᠃ | | |