ᠬᠤᠯᠠᠳᠠᠭᠢᠨ ᠢ ᠳᠤᠭᠳᠠᠭᠠᠭᠴᠢ ᠬᠤᠷᠢᠶ᠎ᠠ | ᠬᠤᠯᠠᠳᠠᠭᠢᠨ ᠢ ᠳᠤᠭᠳᠠᠭᠠᠭᠴᠢ ᠬᠤᠷᠢᠶ᠎ᠠ ᠶᠢ ᠭᠢᠳᠡᠳ ᠢᠶᠠᠷ ᠳ᠋ᠢᠩ ᠶᠤᠸᠠᠨ ᠢᠩ ᠬᠤᠳᠠ ᠭᠡᠳᠡᠭ᠃ ᠡᠨᠡ ᠪᠤᠯ | ᠳᠡᠤᠭᠡᠨ ᠳᠤ ᠠᠯᠠᠱᠠ ᠬᠤᠰᠢᠭᠤᠨ ᠤ ᠸᠠᠩ ᠤᠨ ᠤᠷᠳᠤᠨ ᠤ ᠰᠠᠭᠤᠭ᠎ᠠ ᠭᠠᠵᠠᠷ ᠪᠠᠶᠢᠵᠤ᠂ ᠴᠢᠯᠤᠭᠡᠯᠡᠭᠳᠡᠭᠰᠡᠨ ᠤ | ᠳᠠᠷᠠᠭ᠎ᠠ᠂ ᠳᠤᠬᠠᠶᠢᠯᠠᠪᠠᠯ 1952 ᠤᠨ ᠳᠤ ᠨᠠᠮ ᠤᠨ ᠦᠨᠳᠤᠰᠤᠳᠡᠨ ᠤ ᠳᠤᠬᠠᠢ ᠳᠦᠷᠤ ᠶᠢᠨ ᠪᠤᠳᠤᠯᠭ᠎ᠠ ᠶᠢ | ᠨᠠᠶᠢᠳᠠᠪᠤᠷᠢᠵᠢᠭᠤᠯᠵᠤ᠂ ︽ᠭᠢᠵᠠᠭᠠᠷ ᠤᠷᠤᠨ ᠢ ᠳᠤᠭᠳᠠᠨᠢᠭᠤᠯᠬᠤ ᠪᠠᠭᠢᠯᠡᠯᠳᠡ︾ ᠭᠡᠰᠡᠨ ᠰᠠᠨᠠᠭ᠎ᠠ ᠪᠦᠬᠦᠢ ︽ᠳ᠋ᠢᠩ | ᠶᠤᠸᠠᠨ ᠢᠩ︾ ᠭᠡᠰᠡᠨ ᠨᠡᠷᠡᠶᠢᠳᠤᠯ ᠢ ︽ᠪᠠᠶᠠᠨᠬᠤᠳᠠ︾ ᠭᠡᠵᠤ ᠮᠤᠩᠭᠤᠯ ᠢᠶᠠᠷ ᠨᠠᠷᠡᠯᠡᠵᠡᠢ᠃ | ᠳ᠋ᠢᠩ ᠶᠤᠸᠠᠨ ᠢᠩ ᠬᠤᠳᠠ ᠨᠢ ᠠᠯᠠᠱᠠ ᠠᠭᠤᠯᠠ ᠶᠢᠨ ᠠᠷᠤ ᠬᠤᠷᠮᠤᠢ ᠠᠴᠠ ᠬᠤᠷᠢ ᠭᠠᠷᠤᠢ ᠺᠢᠯᠤᠮᠧᠲᠷ | ᠤᠨ ᠵᠠᠢ ᠳᠤ ᠤᠷᠤᠰᠢᠵᠤ᠂ ᠵᠡᠬᠦᠨᠰᠢ ᠪᠠᠨ ᠠᠯᠠᠱᠠ ᠠᠭᠤᠯᠠ ᠶᠢ ᠳᠦᠰᠢᠵᠤ᠂ ᠪᠠᠷᠠᠭᠤᠨᠰᠢ ᠪᠠᠨ ᠡᠯᠡᠰᠤᠨ ᠳᠠᠯᠠᠢ ᠶᠢ | ᠪᠠᠷᠠᠯᠠᠨ᠂ ᠬᠤᠶᠢᠰᠢ ᠪᠠᠨ ᠬᠤᠸᠠᠷᠯᠢᠩ ᠤᠨ ᠠᠭᠤᠯᠠ ᠶᠢ ᠳᠠᠷᠠᠯᠠᠵᠤ᠂ ᠡᠮᠤᠨᠠᠰᠢ ᠪᠠᠨ ᠠᠳᠠᠷ ᠬᠦᠳᠡᠭᠡ ᠶᠢ | ᠢᠰᠬᠦᠯᠤᠭ᠍ᠰᠡᠨ᠂ ᠠᠷᠴᠠ᠂ ᠽᠠᠨᠳᠠᠨ᠂ ᠠᠭᠠᠷᠤ᠂ ᠬᠠᠷᠭᠠᠢ ᠮᠦᠩᠭᠡ ᠮᠤᠳᠤᠳ ᠤᠢ ᠰᠢᠭᠤᠢ ᠪᠠᠷ ᠬᠦᠷᠢᠶᠡᠯᠡᠭᠳᠡᠭᠰᠡᠨ᠂ | ᠭᠤᠤᠯ ᠭᠤᠷᠤᠬ᠎ᠠ ᠬᠤᠷᠴᠢᠭᠢᠨᠠᠨ ᠤᠷᠤᠰᠤᠭᠰᠠᠨ᠂ ᠴᠡᠴᠡᠭ ᠵᠢᠮᠢᠰ ᠪᠦᠷᠢᠳᠤᠭ᠍ᠰᠡᠨ ᠦᠯᠵᠡᠶᠢᠳᠤ ᠮᠦᠷᠡᠨ ᠤ ᠡᠭᠢᠨ ᠳᠤ | ᠳᠤᠷᠤᠨ᠎ᠠ ᠳᠡᠶᠢᠰᠢ ᠬᠠᠨᠳᠤᠭᠰᠠᠨ ᠭᠡᠪᠳᠡᠭᠡ ᠵᠠᠭᠠᠨ ᠤ ᠰᠢᠨᠵᠢ ᠪᠦᠬᠦᠢ ᠭᠠᠵᠠᠷ ᠢ ᠰᠤᠩᠭᠤᠵᠤ ᠪᠠᠶᠢᠭᠤᠯᠤᠭᠰᠠᠨ | ᠪᠠᠶᠢᠳᠠᠭ᠃ ᠴᠢᠩ ᠤᠯᠤᠰ ᠤᠨ ᠡᠩᠭᠡ ᠠᠮᠤᠭᠤᠯᠠᠩ ᠤᠨ ᠦᠶ᠎ᠠ ᠳᠤ ᠠᠯᠠᠱᠠ ᠠᠭᠤᠯᠠ ᠠᠴᠠ ᠬᠤᠶᠢᠰᠢᠭᠢ ᠦᠷᠭᠡᠨ | ᠠᠭᠤᠳᠠᠮ ᠨᠤᠳᠤᠭ ᠳᠡᠪᠢᠰᠭᠡᠷ ᠢ ᠬᠠᠮᠢᠶᠠᠷᠴᠤ᠂ ᠪᠠᠷᠠᠭᠤᠨ ᠬᠤᠶᠢᠳᠤ ᠶᠢᠨ ᠮᠤᠩᠭᠤᠯ ᠠᠶᠢᠮᠠᠭ ᠤᠳ ᠢ ᠰᠡᠷᠭᠡᠶᠢᠯᠡᠬᠦ | ᠶᠢᠨ ᠳᠦᠯᠤᠭᠡ᠂ ᠠᠭᠤᠯᠠ ᠶᠢᠨ ᠠᠷᠤ ᠬᠤᠷᠮᠤᠢ ᠳᠤ ᠨᠢᠭᠡᠨ ᠬᠤᠳᠠ ᠶᠢᠨ ᠭᠡᠷᠡᠮ ᠪᠠᠶᠢᠭᠤᠯᠵᠤ᠂ ᠨᠢᠭᠡ ᠰᠠᠯᠠᠭ᠎ᠠ | ᠨᠤᠭᠤᠭᠠᠨ ᠳᠤᠭᠳᠤ ᠮᠤᠷᠢᠳᠤ ᠴᠡᠷᠢᠭ ᠢ ᠰᠠᠭᠤᠯᠭᠠᠭᠰᠠᠨ ᠢᠶᠠᠷ ᠴᠡᠷᠢᠭ ᠤᠨ ᠬᠤᠸᠠᠷᠠᠨ ᠪᠤᠯᠵᠤ᠂ ᠤᠤᠯ ᠨᠢ ᠡᠨᠡ | ᠭᠠᠵᠠᠷ ᠪᠠᠷᠠᠭᠤᠨ ᠰᠢᠶᠠ ᠤᠯᠤᠰ ᠤᠨ ᠮᠠᠯ ᠠᠳᠤᠭᠤᠯᠬᠤ ᠭᠠᠵᠠᠷ ᠪᠠᠶᠢᠭᠰᠠᠨ ᠳᠤᠯᠠ ᠨᠤᠳᠤᠭ ᠤᠨ ᠠᠷᠠᠳ ᠳᠡᠬᠦᠨ ᠢ | ︽ᠮᠤᠷᠢᠳᠤ ᠴᠡᠷᠢᠭ ᠤᠨ ᠠᠳᠤᠭᠤᠨ ᠬᠦᠷᠢᠶ᠎ᠠ︾ ᠭᠡᠵᠤ ᠳᠠᠭᠤᠳᠠᠳᠠᠭ ᠪᠠᠶᠢᠵᠡᠢ᠃ ᠨᠠᠶᠢᠷᠠᠯᠳᠤ ᠳᠦᠪ ᠤᠨ | ᠳᠦᠷᠪᠡᠳᠤᠭᠡᠷ ᠤᠨ ︵1726 ᠤᠨ︶ ᠳᠤ ᠰᠧᠴᠤᠸᠠᠨ ᠱᠠᠨᠰᠢ ᠶᠢᠨ ᠶᠡᠷᠤᠩᠭᠡᠶᠢᠯᠡᠨ ᠵᠠᠭᠢᠷᠤᠭᠴᠢ ᠵᠢᠬᠦᠷ ᠤᠨ | ᠰᠡᠶᠢᠳ ᠶᠦᠸᠧ ᠵᠦᠩ ᠴᠢ ᠳᠤᠰ ᠴᠡᠷᠢᠭ ᠤᠨ ᠬᠤᠸᠠᠷᠠᠨ ᠢ ᠰᠢᠨᠡᠳᠭᠡᠨ ︽ᠠᠷᠪᠠᠨ ᠨᠠᠢᠮᠠᠨ ᠠᠬᠤᠢ ᠰᠢᠳᠤᠭᠡᠨ ᠤ | ᠰᠦᠮ᠎ᠠ︾ ᠪᠠ ︽ᠮᠠ ᠸᠠᠩ ᠮᠢᠶᠤᠤ ᠰᠦᠮ᠎ᠠ︾ ᠵᠡᠷᠭᠡ ᠶᠢ ᠭᠡᠷᠡᠮ ᠤᠨ ᠭᠠᠳᠠᠭᠤᠷ ᠳᠤᠭᠤᠷᠢᠭᠤᠯᠤᠨ ᠪᠠᠶᠢᠭᠤᠯᠵᠤ᠂ | ᠮᠦᠨ ᠳᠤᠰ ᠬᠠᠭᠠᠨ ᠤ ᠨᠡᠢᠮᠠᠳᠤᠭᠠᠷ ᠤᠨ ︵1730 ᠤᠨ︶ ᠳᠤ ᠳᠡᠭᠡᠭᠰᠢ ᠮᠡᠳᠡᠬᠦᠯᠵᠤ ᠨᠠᠷᠠ ᠭᠤᠶᠤᠭᠰᠠᠨ ᠳᠤ᠂ | ᠭᠢᠵᠠᠭᠠᠷ ᠤᠷᠤᠨ ᠢ ᠳᠤᠭᠳᠠᠨᠢᠭᠤᠯᠬᠤ ᠪᠠᠭᠢᠯᠡᠯᠳᠡ ᠭᠡᠬᠦ ᠰᠠᠨᠠᠭ᠎ᠠ ᠶᠢ ᠠᠬᠤᠭᠤᠯᠤᠭᠰᠠᠨ ︽ᠳ᠋ᠢᠩ ᠶᠤᠸᠠᠨ ᠢᠩ︾ ︵定 | 远营︶ ᠭᠡᠰᠡᠨ ᠨᠠᠷᠠ ᠶᠢ ︽ᠵᠠᠷᠯᠢᠭ ᠢᠶᠠᠷ︾ ᠦᠭᠴᠤ᠂ ᠡᠨᠡᠬᠦ ᠨᠡᠷᠡᠶᠢᠳᠤᠯ ᠢᠶᠠᠷ ᠤᠯᠤᠰ ᠤᠨ ᠳᠤᠳᠤᠭᠠᠳᠤ | ᠭᠠᠳᠠᠭᠠᠳᠤ ᠳᠤ 1730 —1952 ᠤᠨ ᠪᠤᠯᠳᠠᠯ᠎ᠠ ᠬᠤᠶᠠᠷ ᠵᠠᠭᠤ ᠭᠠᠷᠤᠢ ᠵᠢᠯ ᠤᠨ ᠳᠡᠤᠭᠡ ᠶᠢ | ᠦᠩᠭᠡᠷᠡᠭᠡᠭᠰᠡᠨ ᠪᠠᠶᠢᠳᠠᠭ᠃ ᠳ᠋ᠢᠩ ᠶᠤᠸᠠᠨ ᠢᠩ ᠤᠨ ᠴᠢᠯᠠᠭᠤᠨ ᠬᠦᠰᠢᠶᠡᠨ ᠳᠤ᠄ ︽ᠡᠾᠧ ᠯᠠᠨ ᠱᠠᠨ ᠠᠭᠤᠯᠠ | ᠶᠢᠨ ᠠᠷᠤ ᠪᠤᠯᠪᠠᠰᠤ ᠬᠤᠶᠢᠳᠤ ᠵᠦᠭ ᠤᠨ ᠬᠠᠯᠬᠠᠪᠴᠢ ᠡᠯᠡᠰᠤᠨ ᠨᠤᠳᠤᠭ ᠤᠨ ᠪᠠᠭᠠᠯᠵᠤᠤᠷ ᠤᠷᠤᠨ ᠪᠤᠯᠠᠢ᠂ ᠡᠵᠡᠨ | ᠬᠠᠭᠠᠨ ᠡᠨᠡ ᠬᠦ ᠠᠭᠤᠯᠠ ᠶᠢᠨ ᠠᠷᠤ ᠭᠠᠵᠠᠷ ᠢ ᠡᠭᠡᠨᠡᠭᠳᠡ ᠰᠡᠳᠭᠢᠯ ᠳᠤᠷ ᠠᠬᠤᠭᠤᠯᠵᠤ᠂ ᠠᠳᠠᠴᠠ ᠠᠴᠠ ᠨᠢᠩᠰᠢᠶᠠ | ᠶᠢᠨ ᠬᠤᠳᠠ ᠠᠴᠠ ᠦᠢᠷᠡᠯᠴᠠᠭᠠ ᠶᠢᠨ ᠳᠤᠯᠠᠳᠠ ᠤᠨᠴᠠᠭᠠᠶᠢᠯᠠᠨ ᠦᠭᠡᠯᠡᠳ ᠤᠨ ᠵᠢᠶᠦ᠋ᠨ ᠸᠠᠩ ᠠᠪᠤᠤ ᠶᠢᠨ ᠠᠶᠢᠮᠠᠭ | ᠢ ᠭᠤᠤᠯ ᠤᠨ ᠵᠡᠬᠦᠨᠳᠡᠭᠢ ᠤᠷᠳᠤᠰ ᠤᠨ ᠳᠤᠯᠤᠭᠠᠨ ᠰᠤᠮᠤᠨ ᠠᠴᠠ ᠴᠢᠨᠠᠭᠰᠢ ᠦᠩᠭᠡᠷᠡᠬᠦᠯᠤᠨ ᠪᠠᠷᠠᠭᠤᠨ ᠭᠢᠵᠠᠭᠠᠷ | ᠲᠤᠷ ᠰᠠᠭᠤᠯᠭᠠᠪᠠᠢ᠃ ᠡᠾᠧ ᠯᠠᠨ ᠱᠠᠨ ᠠᠭᠤᠯᠠᠨ ᠤ ᠠᠷᠤ ᠳᠠᠬᠢ ᠦᠵᠤᠮ ᠤᠨ ᠪᠤᠯᠠᠭ ᠵᠡᠷᠭᠡ ᠭᠠᠵᠠᠷ ᠤᠰᠤ | ᠰᠡᠶᠢᠳᠡᠢ ᠪᠦᠭᠡᠳ ᠬᠦᠷᠤᠰᠤᠨ ᠰᠢᠮᠠᠳᠡᠢ ᠪᠤᠯᠬᠤᠷ ᠪᠤᠯᠠᠭ ᠤᠨ ᠤᠰᠤᠨ ᠢ ᠵᠠᠰᠠᠪᠠᠰᠤ ᠪᠠᠰᠠ ᠬᠦ ᠳᠠᠷᠢᠵᠤ | ᠤᠷᠭᠤᠭᠤᠯᠵᠤ ᠪᠤᠯᠬᠤ ᠶᠢ ᠪᠠᠶᠢᠳᠤᠭᠠᠢ ᠵᠢᠯᠭ᠎ᠠ ᠶᠢᠨ ᠬᠤᠭᠤᠷᠤᠨᠳᠤ ᠨᠠᠷᠠᠰᠤ ᠮᠠᠶᠢᠯᠠᠰᠤ ᠰᠡᠬᠦᠶᠢᠵᠤ ᠭᠤᠪᠢ ᠶᠢᠨ | ᠰᠢᠯᠢ ᠶᠢᠨ ᠳᠤᠮᠳᠠ ᠤᠯᠠᠭᠠᠨ ᠳᠠᠪᠤᠰᠤ ᠡᠯᠪᠡᠭ ᠳᠡᠯᠪᠡᠭ ᠭᠠᠷᠤᠮᠤᠢ᠃ ᠡᠬᠦᠨ ᠢᠶᠠᠷ ᠦᠯᠤ ᠪᠠᠷᠠᠨ ᠭᠠᠵᠠᠷ ᠤᠨ | ᠪᠠᠶᠢᠴᠠ ᠠᠭᠤᠵᠢᠮ ᠳᠡᠨᠢᠭᠡᠷ ᠳᠤᠯᠠ ᠭᠠᠳᠠᠭᠰᠢ ᠬᠠᠷᠢᠯᠴᠠᠬᠤ ᠳᠤᠷ ᠳᠦᠬᠦᠮ ᠳᠦᠳᠠ ᠪᠦᠭᠡᠳ ᠡᠷᠳᠡᠨ ᠠᠴᠠ ᠳᠠᠯᠠᠨ | ᠬᠤᠶᠠᠷ ᠪᠤᠭᠤᠮᠳᠠ ᠶᠢ ᠬᠠᠮᠢᠶᠠᠷᠬᠤ ᠶᠢᠨ ᠤᠴᠢᠷ᠎ᠠ᠂ ᠪᠤᠭᠳᠠ ᠡᠵᠡᠨ ᠤ ᠵᠠᠷᠯᠢᠭ ᠢᠶᠠᠷ ᠳᠤᠰᠬᠠᠶᠢᠯᠠᠨ ᠠᠳᠠ ᠨᠢᠭᠡᠨ | ᠴᠡᠷᠢᠭ ᠤᠨ ᠬᠤᠷᠢᠶ᠎ᠠ ᠪᠠᠶᠢᠭᠤᠯᠵᠤ ᠳ᠋ᠢᠩ ᠶᠤᠸᠠᠨ ᠢᠩ ᠭᠡᠮᠡᠨ ᠨᠡᠷᠡᠶᠢᠳᠪᠡᠢ᠂ ᠦᠵᠡᠪᠡᠰᠤ ᠠᠳᠡᠭᠢ ᠭᠠᠵᠠᠷ ᠦᠨᠳᠤᠷ | ᠳᠡᠭᠡᠷ᠎ᠡ ᠠᠴᠠ ᠤᠷᠤᠭᠤ ᠭᠡᠯᠪᠡᠶᠢᠵᠤ ᠠᠭᠤᠯᠠ ᠶᠢ ᠭᠢᠷᠠᠯᠠᠨ ᠬᠤᠳᠠ ᠭᠡᠷᠡᠮ ᠪᠠᠶᠢᠭᠤᠯᠤᠭᠰᠠᠨ ᠳᠤᠯᠠ ᠦᠵᠡᠮᠵᠢ | ᠪᠠᠶᠢᠳᠠᠯ ᠰᠦᠷᠯᠢᠭ ᠰᠡᠶᠢᠬᠠᠨ ᠢᠶᠠᠷ ᠦᠯᠤ ᠪᠠᠷᠠᠨ ᠪᠠᠰᠠ ᠭᠠᠳᠠᠭᠰᠢ ᠳᠤᠳᠤᠭᠰᠢ ᠬᠠᠷᠢᠯᠴᠠᠵᠤ ᠵᠠᠬ᠎ᠠ ᠭᠢᠵᠠᠭᠠᠷ ᠢ | ᠠᠮᠤᠷᠵᠢᠭᠤᠯᠬᠤ ᠶᠢᠨ ᠤᠴᠢᠷ ᠪᠢᠳᠠᠨ ᠬᠠᠭᠠᠨ ᠤ ᠭᠡᠰᠢᠭ ᠢ ᠬᠦᠯᠢᠶᠠᠨ ᠬᠠᠮᠠᠭᠠᠯᠠᠬᠤ ᠴᠡᠷᠢᠭ ᠢᠶᠠᠷ ᠬᠤᠯᠠ ᠳᠤᠷ | ᠮᠤᠷᠳᠡᠵᠤ ᠳᠦᠮᠠᠨ ᠤᠨ ᠤ ᠳᠦᠰᠢᠭ ᠪᠤᠯᠤᠨ ᠰᠠᠭᠢᠵᠤ ᠰᠠᠭᠤᠭᠰᠠᠨ ᠢᠶᠠᠷ ᠪᠤᠭᠳᠠ ᠡᠵᠡᠨ ᠤ ᠡᠷᠳᠡᠮ ᠢ ᠬᠦᠨ | ᠪᠢᠰᠢᠷᠡᠪᠡᠢ᠃ ᠡᠶᠢᠨ ᠬᠦ ᠦᠪᠡᠳᠡᠭᠰᠢ ᠶᠠᠪᠤᠳᠠᠯ ᠢ ᠴᠢᠯᠠᠭᠤᠨ᠎ᠠ ᠰᠡᠶᠢᠯᠤᠨ ᠦᠯᠡᠳᠡᠭᠡᠪᠡᠢ᠃ ᠨᠠᠶᠢᠷᠠᠯᠳᠤ ᠳᠦᠪ ᠤᠨ | ᠨᠠᠢᠮᠠᠳᠤᠭᠠᠷ ᠤᠨ ᠤ ᠴᠠᠭᠠᠨ ᠨᠤᠬᠠᠢ ᠵᠢᠯ ᠤᠨ ᠨᠠᠮᠤᠷ ᠤᠨ ᠨᠡᠢᠮᠠᠨ ᠰᠡᠷ᠎ᠡ ᠶᠢᠨ ᠦᠯᠵᠡᠶᠢᠳᠤ ᠡᠳᠤᠷ︾ ᠭᠡᠵᠤ | ᠳᠡᠮᠳᠡᠭᠯᠡᠵᠤ ᠪᠠᠶᠢᠳᠠᠭ᠃ ᠡᠨᠡᠬᠦ ᠴᠢᠯᠠᠭᠤᠨ ᠬᠦᠰᠢᠶᠠᠨ ᠤ ᠪᠢᠴᠢᠭᠡᠰᠤ ᠠᠴᠠ ᠦᠵᠡᠬᠦ ᠳᠤ᠂ ᠳ᠋ᠢᠩ ᠶᠤᠸᠠᠨ ᠢᠩ ᠨᠢ | ᠳᠤᠬᠠᠢ ᠶᠢᠨ ᠦᠶ᠎ᠠ ᠶᠢᠨ ᠴᠡᠷᠢᠭ ᠳᠡᠶᠢᠨ ᠤ ᠪᠡᠶᠢᠯᠳᠤᠬᠤ ᠪᠤᠳᠤᠯᠭ᠎ᠠ ᠶᠢᠨ ᠴᠢᠨᠠᠷᠳᠡᠢ ᠴᠢᠬᠤᠯᠠ ᠭᠠᠵᠠᠷ ᠪᠠᠶᠢᠭᠰᠠᠨ | ᠪᠦᠭᠡᠳ ᠡᠮᠤᠨ᠎ᠡ ᠤᠮᠠᠷ᠎ᠠ ᠶᠢ ᠬᠤᠯᠪᠤᠭᠰᠠᠨ ᠴᠤᠷ ᠤᠨ ᠭᠠᠭᠴᠠ ᠵᠠᠮ ᠪᠡᠶᠢᠵᠡᠢ᠃ ᠬᠤᠳᠠ ᠶᠢᠨ ᠶᠡᠷᠤᠩᠭᠡᠢ ᠳᠠᠯᠠᠪᠠᠢ | ᠨᠢ ᠬᠤᠷᠢᠨ ᠨᠢᠭᠡᠨ ᠳᠦᠮᠠ ᠨᠢᠭᠡ ᠮᠢᠩᠭ᠎ᠠ ᠵᠢᠷᠭᠤᠭᠠᠨ ᠵᠠᠭᠤ ᠵᠢᠷᠠᠨ ᠳᠠᠪᠤᠨ ᠳᠡᠭᠰᠢ ᠳᠦᠷᠪᠡᠯᠵᠢᠨ ᠮᠧᠲᠷ ᠪᠠᠶᠢᠵᠤ᠂ | ᠬᠤᠳᠠ ᠶᠢᠨ ᠭᠡᠷᠡᠮ ᠢ ᠨᠠᠩᠭᠢ ᠰᠢᠷᠤᠢ ᠪᠠᠷ ᠳᠠᠭᠰᠢᠭᠤᠯᠵᠤ ᠪᠤᠰᠬᠠᠭᠠᠳ ᠨᠢᠭᠤᠷ ᠳᠠᠯ᠎ᠠ ᠶᠢ ᠨᠢ ᠳᠤᠮᠤ ᠬᠦᠭᠡ | ᠳᠤᠭᠤᠰᠬ᠎ᠠ ᠪᠠᠷ ᠦᠷᠤᠵᠤ ᠭᠠᠳᠠᠷᠯᠠᠭᠠᠳ ᠤᠷᠤᠢ ᠳᠡᠭᠡᠬᠦᠷ ᠨᠢ ᠬᠦᠭᠡ ᠳᠤᠭᠤᠰᠬ᠎ᠠ ᠪᠠᠷ ᠴᠡᠷᠢᠭ ᠳᠡᠶᠢᠨ ᠤ | ᠪᠠᠭᠢᠯᠠᠯᠳᠠ ᠪᠠᠷᠢᠵᠤ᠂ ᠬᠤᠳᠠ ᠶᠢᠨ ᠪᠠᠷᠠᠭᠤᠨ ᠳᠠᠯ᠎ᠠ ᠪᠠ ᠡᠮᠤᠨ᠎ᠡ ᠳᠠᠯ᠎ᠠ ᠶᠢᠨ ᠭᠡᠷᠡᠮ ᠤᠨ ᠦᠨᠳᠤᠷ ᠨᠢ ᠳᠦᠷᠪᠡ | ᠠᠴᠠ ᠵᠢᠷᠭᠤᠭᠠᠨ ᠬᠤᠤᠰ ᠠᠯᠳᠠ᠂ ᠵᠡᠬᠦᠨ ᠳᠠᠯ᠎ᠠ ᠪᠠᠷ ᠬᠤᠶᠢᠳᠤ ᠳᠠᠯ᠎ᠠ ᠶᠢᠨ ᠭᠡᠷᠡᠮ ᠤᠨ ᠦᠨᠳᠤᠷ ᠨᠢ ᠬᠤᠶᠠᠷ | ᠠᠴᠠ ᠭᠤᠷᠪᠠᠨ ᠬᠤᠤᠰ ᠠᠯᠳᠠ᠂ ᠭᠡᠷᠡᠮ ᠤᠨ ᠰᠠᠭᠤᠷᠢ ᠨᠢ ᠭᠤᠷᠪᠠ ᠠᠴᠠ ᠭᠤᠷᠪᠠ ᠴᠡᠭ ᠳᠠᠪᠤᠨ ᠬᠤᠤᠰ ᠠᠯᠳᠠ᠂ | ᠬᠠᠮᠤᠭ ᠳᠡᠭᠡᠳᠤ ᠳᠠᠯ᠎ᠠ ᠶᠢᠨ ᠦᠷᠭᠡᠨ ᠨᠢ ᠨᠢᠭᠡ ᠠᠯᠳᠠ ᠪᠠᠶᠢᠵᠡᠢ᠃ ᠬᠤᠳᠠ ᠶᠢᠨ ᠡᠮᠤᠨ᠎ᠡ ᠪᠤᠯᠤᠨ ᠵᠡᠬᠦᠨ ᠳᠠᠯ᠎ᠠ | ᠳᠤ ᠳᠤᠰ ᠪᠦᠷᠢ ᠨᠢᠭᠡ ᠡᠬᠦᠳᠠ ᠲᠠᠢ᠂ ᠬᠤᠳᠠ ᠶᠢᠨ ᠡᠮᠤᠨ᠎ᠡ ᠡᠬᠦᠳᠠ ︵ᠭᠤᠤᠯ ᠡᠬᠦᠳᠠ︶ ᠶᠢᠨ ᠭᠠᠳᠠᠷ ᠴᠢᠯᠠᠭᠤᠨ | ᠡᠨᠢᠭᠡ ᠳᠡᠭᠡᠷ᠎ᠡ ᠨᠢ ︽ᠳ᠋ᠢᠩ ᠶᠤᠸᠠᠨ ᠢᠩ︾᠂ ᠳᠤᠳᠤᠷ᠎ᠠ ᠡᠬᠦᠳᠠᠨ ᠤ ᠴᠢᠠᠯᠭᠤᠨ ᠡᠨᠢᠭᠡ ᠳᠡᠭᠡᠷ᠎ᠡ ᠨᠢ ︽ᠬᠤ᠋ ᠯᠠᠨ | ᠮᠧᠨ︾ ︵ᠬᠠᠮᠠᠭᠠᠯᠠᠵᠤ ᠬᠤᠷᠢᠬᠤ ᠡᠬᠦᠳᠠ ᠭᠡᠰᠡᠨ ᠰᠠᠨᠠᠭ᠎ᠠ ᠲᠠᠢ︶ ᠭᠡᠰᠡᠨ ᠭᠢᠳᠡᠳ ᠪᠢᠴᠢᠭ ᠰᠡᠶᠢᠯᠤᠭ᠍ᠰᠡᠨ ᠪᠠᠶᠢᠵᠡᠢ᠃ | ᠠᠩᠬ᠎ᠠ ᠡᠭᠢᠯᠡᠨ ᠪᠠᠶᠢᠭᠤᠯᠬᠤ ᠳᠤ ᠭᠤᠤᠯ ᠡᠬᠦᠳᠠ ᠶᠢ ᠪᠠᠰᠠ ᠭᠠᠳᠠᠷ ᠬᠤᠳᠠ ᠶᠢᠨ ᠡᠬᠦᠳᠠ᠂ ᠳᠤᠳᠤᠷ ᠬᠤᠳᠠ | ᠶᠢᠨ ᠡᠬᠦᠳᠠ ᠭᠡᠵᠤ ᠬᠤᠪᠢᠶᠠᠵᠤ ᠪᠠᠶᠢᠭᠰᠠᠨ ᠪᠠᠶᠢᠨ᠎ᠠ᠃ ᠬᠤᠳᠠ ᠶᠢᠨ ᠵᠡᠬᠦᠨ ᠡᠬᠦᠳᠠ ᠨᠢ ᠳᠡᠭᠡᠳᠤᠰ ᠤᠨ ᠤᠩᠭᠤᠨ | ᠳᠤ ᠨᠡᠪᠳᠡᠷᠡᠵᠤ᠂ ᠬᠠᠭᠠᠯᠭ᠎ᠠ ᠶᠢᠨ ᠭᠠᠳᠠᠷ ᠡᠨᠢᠭᠡ ᠳᠡᠭᠡᠷ᠎ᠡ ︽ᠪᠠᠢ ᠱᠧᠩ ᠮᠧᠨ︾ ︵ᠵᠡᠭᠤᠨ ᠵᠦᠢᠯ ᠢ ᠢᠯᠠᠭᠴᠢ | ᠡᠬᠦᠳᠠ ᠭᠡᠰᠡᠨ ᠰᠠᠨᠠᠭ᠎ᠠ ᠲᠠᠢ︶᠂ ᠳᠤᠳᠤᠷ ᠡᠨᠢᠭᠡ ᠳᠡᠭᠡᠷ᠎ᠡ ᠨᠢ ︽ᠴᠠᠩ ᠱᠧᠩ ᠮᠧᠨ︾ ︵ᠡᠪᠯᠡᠷᠡᠯ ᠢᠷᠤᠭᠡᠯᠳᠤ | ᠡᠬᠦᠳᠠ ᠭᠡᠰᠡᠨ ᠰᠠᠨᠠᠭ᠎ᠠ ᠲᠠᠢ︶ ᠭᠡᠰᠡᠨ ᠭᠢᠳᠡᠳ ᠪᠢᠴᠢᠭᠡᠰᠤ ᠲᠠᠢ ᠪᠠᠶᠢᠵᠡᠢ᠃ | ᠠᠯᠠᠱᠠ ᠬᠤᠰᠢᠭᠤᠨ ᠤ ᠬᠤᠶᠠᠳᠤᠭᠠᠷ ᠵᠠᠰᠠᠭ ᠨᠤᠶᠠᠨ ᠠᠪᠤᠤ ᠴᠢᠩ ᠤᠯᠤᠰ ᠤᠨ ᠳᠡᠶᠢᠴᠢᠯᠠᠯᠳᠠ ᠪᠠᠷ | ᠤᠷᠢᠳ ᠬᠤᠵᠢᠳ ᠰᠢᠨᠵᠢᠶᠠᠩ᠂ ᠳᠦᠪᠠᠳ᠂ ᠬᠦᠭᠡᠨᠡᠭᠤᠷ ᠲᠤ ᠴᠡᠷᠢᠭ ᠳᠡᠶᠢᠨ ᠤ ᠠᠯᠪᠠᠨ ᠳᠤ ᠶᠠᠪᠤᠵᠤ᠂ | ᠦᠯᠡᠮᠵᠢᠭᠡᠨ ᠭᠠᠪᠢᠶ᠎ᠠ ᠪᠠᠶᠢᠭᠤᠯᠤᠭᠰᠠᠨ ᠤ ᠤᠴᠢᠷ ᠨᠠᠶᠢᠷᠠᠯᠳᠤ ᠳᠦᠪ ᠤᠨ ᠶᠢᠰᠤᠳᠤᠭᠡᠷ ᠤᠨ ︵1731 ᠤᠨ︶ ᠤ | ᠳᠦᠷᠪᠡᠳᠤᠭᠡᠷ ᠰᠡᠷ᠎ᠡ ᠶᠢᠨ ᠠᠷᠪᠠᠨ ᠬᠤᠶᠠᠷ ᠤᠨ ᠡᠳᠤᠷ ︽ᠠᠪᠤᠤ ᠨᠠᠷ ᠠᠯᠠᠱᠠ ᠨᠤᠳᠤᠭ ᠲᠠᠭᠠᠨ ᠡᠭᠡᠵᠤ ᠢᠷᠡᠭᠡᠷᠡᠢ︾ | ᠭᠡᠰᠡᠨ ᠵᠠᠷᠯᠢᠭ ᠢ ᠬᠦᠯᠢᠶᠠᠵᠤ᠂ ᠨᠡᠢᠮᠠᠨ ᠵᠢᠯ ᠰᠠᠭᠤᠭᠰᠠᠨ ᠬᠦᠭᠡᠨᠡᠭᠤᠷ ᠤᠨ ᠪᠤᠷᠤ ᠴᠦᠩᠭᠦ᠋ᠭ ᠠᠴᠠ ᠬᠠᠷᠢᠶᠠᠳᠤ | ᠠᠷᠠᠳ ᠢᠶᠠᠨ ᠳᠠᠭᠠᠭᠤᠯᠤᠨ ᠠᠯᠠᠱᠠ ᠳᠤ ᠪᠤᠴᠠᠵᠤ ᠢᠷᠡᠭᠰᠡᠨ ᠳᠤ ᠶᠦᠸᠧ ᠵᠦᠩ ᠴᠢ ᠶᠢᠨ ᠰᠢᠨᠡᠳᠭᠡᠨ ᠵᠠᠰᠠᠭᠰᠠᠨ | ᠳ᠋ᠢᠩ ᠶᠤᠸᠠᠨ ᠢᠩ ᠬᠤᠳᠠ ᠶᠢ ᠱᠠᠩᠨᠠᠨ ᠦᠭᠴᠡᠢ᠃ ᠢᠩᠭᠢᠭᠡᠳ ᠨᠠᠶᠢᠷᠠᠯᠳᠤ ᠳᠦᠪ ᠤᠨ ᠠᠷᠪᠠᠳᠤᠭᠠᠷ ᠤᠨ ︵ | 1732 ᠤᠨ︶ ᠤ ᠶᠢᠰᠤᠳᠤᠭᠡᠷ ᠰᠠᠷ᠎ᠠ ᠶᠢᠨ ᠳᠠᠪᠤᠨ ᠤ ᠡᠳᠤᠷ ᠠᠪᠤᠤ ᠨᠤᠶᠠᠨ ᠰᠢᠷᠠᠪᠦ᠋ᠷᠢᠳᠤ ᠳᠠᠬᠢ ᠬᠠᠨᠤ ᠮᠠᠨᠳᠤᠯ | ᠶᠡᠭᠡ ᠶᠠᠮᠤᠨ ᠢᠶᠠᠨ ᠨᠡᠬᠦᠯᠭᠡᠵᠤ᠂ ᠳ᠋ᠢᠩ ᠶᠤᠸᠠᠨ ᠢᠩ ᠬᠤᠳᠠ ᠶᠢᠨ ᠡᠭᠢᠨ ᠳᠠᠬᠢ ᠦᠯᠵᠡᠶᠢᠳᠤ ᠮᠦᠷᠡᠨ ᠤ ᠬᠦᠪᠡᠭᠡ | ᠶᠢᠨ ᠳᠤᠮᠳᠠ ᠰᠢᠯᠢ ᠳᠡᠭᠡᠷ᠎ᠡ ᠮᠤᠩᠭᠤᠯ ᠦᠷᠤᠭᠡ ᠪᠠᠷᠢᠵᠤ ︽ᠳᠡᠯᠭᠡᠷ ᠪᠢᠯᠢᠭᠳᠦ ᠶᠡᠭᠡ ᠶᠠᠮᠤᠨ︾ ᠭᠡᠵᠤ ᠨᠠᠷᠠᠯᠠᠭᠡᠳ | ᠬᠤᠰᠢᠭᠤᠨ ᠳᠦᠪ ᠪᠤᠯᠭᠠᠵᠡᠢ᠃ ᠨᠠᠶᠢᠷᠠᠯᠳᠤ ᠳᠦᠪ ᠤᠨ ᠠᠷᠪᠠᠨ ᠨᠢᠭᠡᠳᠤᠭᠡᠷ ᠤᠨ ︵1733 ᠤᠨ︶ ᠠᠴᠠ | ᠡᠭᠢᠯᠡᠨ ᠳᠤᠳᠤᠷ᠎ᠠ ᠭᠠᠵᠠᠷ ᠤᠨ ᠭᠢᠳᠡᠳ ᠤᠷᠠᠴᠤᠳ ᠢ ᠬᠦᠯᠤᠰᠤᠯᠠᠨ ᠮᠤᠳᠤ ᠴᠢᠯᠠᠭᠤ ᠬᠦᠳᠡᠯᠭᠡᠨ ᠳ᠋ᠢᠩ ᠶᠤᠸᠠᠨ | ᠢᠩ ᠬᠤᠳᠠ ᠳᠤ ᠸᠠᠩ ᠤᠨ ᠤᠷᠳᠤᠨ᠂ ᠰᠦᠮ᠎ᠠ ᠭᠡᠶᠢᠳ ᠪᠠᠶᠢᠭᠤᠯᠤᠨ ᠦᠶ᠎ᠠ ᠤᠯᠠᠷᠢᠨ ᠰᠠᠭᠤᠷᠢᠰᠢᠵᠤ᠂ | ᠳᠠᠰᠤᠷᠠᠯᠳᠠ ᠦᠭᠡᠢ ᠵᠠᠰᠠᠨ ᠰᠢᠨᠡᠳᠭᠡᠵᠤ ᠦᠷᠭᠡᠳᠭᠡᠨ ᠪᠠᠶᠢᠭᠤᠯᠤᠭᠰᠠᠨ ᠢᠶᠠᠷ ᠪᠠᠭ᠎ᠠ ᠭᠡᠯᠪᠡᠷᠢ ᠶᠢᠨ ᠬᠤᠳᠠ ᠪᠤᠯᠤᠨ | ᠬᠤᠪᠢᠷᠠᠵᠤ ᠬᠦᠭᠵᠢᠭᠰᠡᠨ ᠪᠢᠯᠠ᠃ | ᠠᠪᠤᠤ ᠨᠤᠶᠠᠨ ᠤ ᠦᠶ᠎ᠠ ᠳᠤ ᠬᠤᠳᠠ ᠶᠢᠨ ᠡᠮᠤᠨᠡᠬᠦᠷ ᠬᠦᠨᠳᠡᠯᠢᠰᠤᠭ᠍ᠰᠡᠨ ᠤᠷᠤᠰᠬᠠᠯ ᠭᠤᠷᠪᠠᠨ ᠭᠤᠤᠯ ᠤᠨ | ᠬᠦᠬᠦᠷᠭᠡ ᠶᠢᠨ ᠬᠤᠭᠤᠷᠤᠨᠳᠤ ᠮᠠᠶᠢᠮᠠᠢ ᠶᠢᠨ ᠫᠦᠰᠠ ᠳᠡᠯᠭᠡᠬᠦᠷ᠂ ᠭᠠᠷ ᠦᠢᠯᠡᠳᠪᠤᠷᠢᠯᠠᠯ ᠤᠨ ᠵᠠᠭᠤ ᠭᠠᠷᠤᠢ | ᠳᠠᠰᠤᠯᠭ᠎ᠠ ᠭᠡᠷ ᠪᠡᠶᠢᠰᠢᠩ ᠪᠠᠷᠢᠵᠤ᠂ ᠬᠤᠶᠠᠷ ᠵᠠᠭᠤ ᠭᠠᠷᠤᠢ ᠭᠢᠳᠡᠳ ᠠᠷᠠᠳ ᠢ ᠳᠤᠭᠢᠷᠠᠭᠤᠯᠤᠨ ᠰᠠᠭᠤᠯᠭᠠᠵᠤ᠂ | ᠠᠪᠤᠤ ᠶᠢᠨ ᠬᠠᠳᠤᠨ ᠰᠢᠶᠠᠩ ᠡᠾᠧ ︵ᠳᠤᠭᠰᠢᠨ ᠬᠦᠩᠵᠤ︶ ᠤᠨ ᠢᠨᠵᠢ ᠳᠤ ᠢᠷᠡᠭᠰᠡᠨ ᠮᠠᠨᠵᠤ᠂ ᠭᠢᠳᠡᠳ | ᠠᠶᠢᠮᠠᠭ ᠤᠨ ᠭᠡᠰᠡᠭ ᠭᠤᠴᠤᠭ ᠵᠠᠷᠤᠴᠠ ᠨᠠᠷ ᠤᠨ ᠤᠨᠴᠠᠯᠢᠭ ᠢ ᠬᠠᠷᠠᠭᠠᠯᠵᠠᠵᠤ ᠦᠯᠵᠡᠶᠢᠳᠤ ᠮᠦᠷᠡᠨ ᠤ ᠳᠡᠷᠭᠡᠳᠡ | ᠢᠳᠠᠰᠢᠨ ᠨᠤᠭᠤᠭᠠᠨ ᠤ ᠬᠦᠷᠢᠶ᠎ᠠ ᠭᠠᠷᠭᠠᠵᠤ ᠳᠠᠷᠢᠶᠠᠯᠠᠭᠤᠯᠵᠡᠢ᠃ ᠠᠯᠠᠱᠠ ᠬᠤᠰᠢᠭᠤᠨ ᠤ ᠭᠤᠷᠪᠠᠳᠤᠭᠠᠷ ᠦᠶ᠎ᠠ | ᠶᠢᠨ ᠵᠠᠰᠠᠭ ᠨᠤᠶᠠᠨ ᠯᠤᠪᠰᠠᠩᠳᠤᠷᠵᠢ ᠳᠡᠭᠷᠢ ᠳᠡᠳᠬᠦᠭᠴᠢ ᠶᠢᠨ ᠭᠤᠴᠢᠳᠤᠭᠠᠷ ᠤᠨ ︵1765 ᠤᠨ︶ ᠳᠤ ᠳᠦᠷᠤ | ᠶᠢᠨ ᠬᠤᠱᠤᠢ ᠴᠢᠨ ᠸᠠᠩ ᠤᠨ ᠵᠡᠷᠭᠡ ᠳᠤ ᠡᠷᠬᠦᠮᠵᠢᠯᠡᠭᠳᠡᠵᠤ᠂ ᠳᠡᠬᠦᠨ ᠤ ᠠᠯᠳᠠᠷ ᠨᠠᠷᠠ ᠮᠠᠨᠳᠤᠬᠤ ᠶᠢᠨ ᠵᠡᠷᠭᠡᠴᠡᠭᠡ | ︽ᠳᠦᠷᠤ ᠳᠦᠪᠰᠢᠨ ᠳᠦᠮᠠᠨ ᠠᠮᠤᠭᠤᠯᠠᠩ︾ ᠪᠠᠶᠢᠭᠰᠠᠨ ᠢᠶᠠᠷ ᠳ᠋ᠢᠩ ᠶᠤᠸᠠᠨ ᠢᠩ ᠬᠤᠳᠠ ᠴᠤ ᠳᠠᠰᠤᠷᠠᠯᠳᠠ | ᠦᠭᠡᠢ ᠬᠦᠭᠵᠢᠵᠤ ᠢᠷᠡᠭᠰᠡᠨ ᠪᠠᠶᠢᠨ᠎ᠠ᠃ ᠳᠦᠷᠪᠡᠳᠤᠭᠡᠷ ᠦᠶ᠎ᠠ ᠶᠢᠨ ᠵᠠᠰᠠᠭ ᠨᠤᠶᠠᠨ ᠸᠠᠩᠴᠢᠨᠪᠠᠮᠪᠠᠷ ᠰᠠᠭᠤᠷᠢᠨ ᠳᠤ | ᠭᠠᠷᠤᠭᠰᠠᠨ ᠤ ᠳᠠᠷᠠᠭ᠎ᠠ ᠪᠠᠷᠠᠭᠤᠨ ᠴᠡᠴᠡᠷᠯᠢᠭ ᠢ ᠡᠭᠢᠯᠡᠨ ᠪᠠᠶᠢᠭᠤᠯᠵᠤ᠂ ᠳᠦᠷᠪᠡᠳᠤᠭᠡᠷ ᠦᠶ᠎ᠠ ᠶᠢᠨ ᠳᠠᠪᠤᠳᠤᠭᠠᠷ | ᠵᠠᠰᠠᠭ ᠨᠤᠶᠠᠨ ᠮᠠᠬᠠᠪᠠᠯᠠ ᠨᠡᠩ ᠦᠷᠭᠡᠳᠭᠡᠨ ᠤᠢ ᠮᠤᠳᠤ᠂ ᠴᠡᠴᠡᠭ ᠬᠤᠸᠠᠷ ᠳᠠᠷᠢᠵᠤ᠂ ᠰᠡᠷᠢᠬᠦᠴᠠᠬᠦ ᠳᠢᠩᠰᠠ᠂ | ᠭᠢᠮᠠᠯ ᠠᠭᠤᠯᠠ ᠪᠤᠰᠬᠠᠵᠤ᠂ ᠪᠡᠭᠡᠵᠢᠩ ᠤᠨ ︽ᠳᠦᠮᠠᠨ ᠦᠯᠵᠡᠶᠢᠳᠤ ᠠᠭᠤᠯᠠ︾ ᠶᠢ ᠳᠦᠷᠰᠤᠯᠡᠬᠦᠯᠤᠨ | ᠴᠤᠭᠴᠠᠯᠠᠵᠤ ︽ᠪᠠᠷᠠᠭᠤᠨ ᠴᠡᠴᠡᠷᠯᠢᠭ︾ ᠭᠡᠵᠤ᠂ ᠵᠢᠷᠭᠤᠳᠤᠭᠠᠷ ᠦᠶ᠎ᠠ ᠶᠢᠨ ᠳᠤᠯᠤᠳᠤᠭᠠᠷ ᠵᠠᠰᠠᠭ ᠨᠤᠶᠠᠨ | ᠬᠦᠩᠰᠠᠩᠵᠦ᠋ᠷᠮᠢᠳ ᠤᠨ ᠦᠶ᠎ᠠ ᠳᠤ ᠪᠠᠷᠠᠭᠤᠨ ᠴᠡᠴᠡᠷᠯᠢᠭ ᠲᠤ ᠨᠢᠭᠡ ᠤᠷᠳᠤ ᠰᠤᠪᠠᠭ ᠵᠠᠰᠠᠵᠤ᠂ ᠭᠤᠷᠪᠠᠨ ᠭᠤᠤᠯ | ᠤᠨ ᠤᠰᠤ ᠶᠢ ᠴᠢᠳᠬᠤᠵᠤ ᠤᠷᠤᠭᠤᠯᠤᠨ ᠤᠩᠭᠤᠴᠠ ᠰᠠᠯᠢᠨ ᠵᠤᠭᠠᠴᠠᠬᠤ ᠪᠤᠯᠭᠠᠵᠤ᠂ ᠪᠤᠭᠤ ᠶᠢᠨ ᠠᠳᠠᠷᠠᠭᠠᠨ ᠳᠤ | ᠭᠤᠶᠤ ᠦᠵᠡᠮᠵᠢᠳᠤ ︽ᠳᠠᠭᠠᠯᠠᠮᠵᠢᠳᠤ ᠳᠢᠩᠭᠢᠮ︾ ᠢ ᠪᠠᠶᠢᠭᠤᠯᠵᠡᠢ᠃ | ᠠᠷᠪᠠᠨ ᠶᠢᠰᠤᠳᠤᠭᠡᠷ ᠵᠠᠭᠤᠨ ᠤ ᠡᠭᠢᠨ ᠪᠤᠯᠬᠤ ᠳᠤ ᠳ᠋ᠢᠩ ᠶᠤᠸᠠᠨ ᠢᠩ ᠬᠤᠳᠠ ᠨᠢ ᠠᠯᠠᠱᠠ ᠬᠤᠰᠢᠭᠤᠨ ᠤ | ᠤᠯᠤᠰ ᠳᠦᠷᠤ᠂ ᠠᠵᠤ ᠠᠬᠤᠢ᠂ ᠰᠤᠶᠤᠯ ᠭᠡᠭᠡᠷᠡᠯ ᠤᠨ ᠳᠦᠪ ᠪᠤᠯᠵᠤ᠂ ᠳᠦᠷᠪᠡᠨ ᠵᠦᠭ ᠨᠡᠢᠮᠠᠨ ᠵᠤᠪᠭᠢᠰ ᠤᠨ | ᠤᠯᠠᠨ ᠵᠠᠮ ᠤᠨ ᠠᠭᠤᠯᠵᠠᠷ ᠢ ᠳᠤᠪᠴᠢᠯᠠᠭᠰᠠᠨ ᠰᠢᠨ᠎ᠠ ᠪᠠᠷ ᠮᠠᠨᠳᠤᠭᠰᠠᠨ ᠬᠤᠳᠠ ᠪᠤᠯᠤᠨ ᠬᠦᠭᠵᠢᠵᠡᠢ᠃ ᠠᠩᠬ᠎ᠠ | ᠠᠯᠠᠱᠠ ᠬᠤᠰᠢᠭᠤᠨ ᠳᠤ ᠰᠢᠶᠠᠩ ᠲᠠᠢ ᠯᠦᠩ ᠭᠡᠰᠡᠨ ᠨᠢᠭᠡ ᠯᠠ ᠭᠡᠰᠤᠬᠦᠯ ᠮᠡᠶᠢᠮᠠᠶᠢᠴᠢᠨ ᠪᠠᠶᠢᠭᠰᠠᠨ ᠠᠴᠠ ᠪᠠᠨ | ᠭᠠᠨᠰᠤ᠂ ᠱᠠᠨᠰᠢ᠂ ᠢᠷᠭᠠᠢ᠂ ᠪᠤᠭᠤᠳᠤ᠂ ᠪᠡᠭᠡᠵᠢᠩ᠂ ᠳᠢᠶᠡᠨᠵᠢᠨ ᠵᠡᠷᠭᠡ ᠭᠠᠵᠠᠷ ᠠᠴᠠ ᠤᠪᠤᠨ ᠴᠤᠪᠤᠨ ᠬᠦᠷᠴᠤ | ᠢᠷᠡᠭᠰᠡᠨ ᠰᠢᠶᠠᠩ ᠲᠠᠢ ᠯᠦᠩ᠂ ᠶᠦᠩ ᠱᠧᠩ ᠡᠾᠧ᠂ ᠰᠢᠩ ᠲᠠᠢ ᠡᠾᠧ᠂ ᠸᠠᠨ ᠲᠠᠢ ᠱᠦᠢ᠂ ᠰᠢᠩ ᠲᠠᠢ ᠯᠦᠩ | ᠵᠡᠷᠭᠡ ᠮᠡᠶᠢᠮᠡᠶᠢᠴᠢᠳ ᠤᠨ ᠡᠷᠭᠢᠯᠡᠭᠰᠡᠨ ᠫᠦᠰᠠ ᠳᠡᠯᠭᠡᠬᠦᠷ᠂ ᠪᠠᠭᠤᠳᠠᠯ᠂ ᠭᠠᠷ ᠦᠢᠯᠡᠳᠪᠤᠷᠢᠯᠠᠯ ᠤᠨ ᠭᠠᠵᠠᠷ ᠶᠠᠪᠤᠬᠤ | ᠳᠤᠳᠤᠮ ᠤᠯᠠᠰᠢᠷᠠᠵᠤ᠂ ᠳᠠᠸᠠᠷ ᠤᠨ ᠰᠤᠯᠢᠯᠴᠠᠭ᠎ᠠ ᠬᠦᠭᠵᠢᠶᠠᠨ ᠲᠠᠢ ᠪᠤᠯᠵᠤ᠂ ᠠᠯᠠᠱᠠ ᠬᠤᠰᠢᠭᠤᠨ ᠤ ᠨᠡᠶᠢᠭᠡᠮ | ᠠᠵᠤ ᠠᠬᠤᠢ ᠶᠢᠨ ᠬᠦᠭᠵᠢᠯᠳᠡ ᠶᠢ ᠳᠦᠯᠭᠢᠨ ᠠᠭᠢᠭᠤᠯᠤᠭᠰᠠᠨ ᠪᠠᠶᠢᠪᠠ᠃ | ᠳ᠋ᠢᠩ ᠶᠤᠸᠠᠨ ᠢᠩ ᠬᠤᠳᠠ ᠶᠢ ᠠᠩᠬ᠎ᠠ ᠪᠠᠶᠢᠭᠤᠯᠬᠤ ᠳᠤ ᠭᠢᠳᠡᠳ ᠦᠰᠤᠭ᠌ ᠤᠨ ︽主︾ ᠭᠡᠯᠪᠡᠷᠢ ᠪᠠᠷ | ︽ᠡᠵᠡᠨ︾ ᠭᠡᠰᠡᠨ ᠡᠴᠢᠨ᠎ᠠ ᠤᠳᠬ᠎ᠠ ᠶᠢ ᠠᠬᠤᠭᠤᠯᠤᠨ ᠪᠠᠶᠢᠭᠤᠯᠤᠭᠰᠠᠨ ᠭᠡᠳᠡᠭ᠃ ᠡᠨᠡ ᠦᠰᠤᠭ᠌ ᠤᠨ ᠳᠡᠭᠡᠷᠡᠭᠢ | ᠴᠡᠭ ᠨᠢ ᠸᠠᠩ ᠤᠨ ᠤᠷᠳᠤᠨ ᠢ ᠳᠦᠯᠤᠭᠡᠯᠡᠵᠤ᠂ ᠭᠤᠤᠯ ᠢᠶᠠᠷ ᠨᠡᠪᠳᠡᠯᠤᠭ᠍ᠰᠡᠨ ᠨᠢᠭᠡᠨ ᠵᠢᠷᠤᠭᠠᠰᠤ ᠪᠠᠷ ᠡᠮᠤᠨ᠎ᠡ ᠶᠡᠭᠡ | ᠵᠠᠭᠡᠯᠢ ᠶᠢ ᠳᠡᠮᠳᠡᠭᠯᠡᠵᠤ᠂ ᠬᠦᠨᠳᠠᠯᠠᠨ ᠭᠤᠷᠪᠠᠨ ᠵᠢᠷᠤᠭᠠᠰᠤ ᠨᠢ ᠦᠯᠵᠡᠶᠢᠮᠦ᠋ᠷᠡᠨ ᠠᠴᠠ ᠡᠭᠢ ᠠᠪᠤᠭᠰᠠᠨ ᠦᠯᠵᠡᠢ᠂ | ᠤᠷᠳᠤ᠂ ᠤᠷᠤᠰᠬᠠᠯ ᠭᠤᠷᠪᠠᠨ ᠰᠠᠯᠪᠤᠷᠢ ᠭᠤᠤᠯ ᠶᠡᠭᠡ ᠵᠠᠭᠡᠯᠢ ᠶᠢ ᠬᠦᠨᠳᠠᠯᠢᠰᠤᠨ ᠤᠷᠤᠰᠴᠤ ᠪᠠᠶᠢᠭ᠎ᠠ ᠶᠢ | ᠬᠠᠷᠠᠭᠤᠯᠤᠭᠰᠠᠨ ᠭᠡᠵᠤ ᠶᠠᠷᠢᠳᠠᠭ ᠰᠠᠨ᠃ | ᠦᠨᠤᠳᠤᠷ ᠳ᠋ᠢᠩ ᠶᠤᠸᠠᠨ ᠢᠩ ᠬᠤᠳᠠ ᠶᠢ ᠰᠡᠷᠬᠦᠭᠡᠨ ᠵᠠᠰᠠᠭᠰᠠᠨ ᠶᠠᠪᠤᠳᠠᠯ ᠪᠤᠯ ᠳᠡᠤᠭᠡ ᠶᠢᠨ | ᠦᠯᠡᠳᠡᠭᠳᠡᠯ ᠳᠤ ᠠᠪᠤᠷᠠᠯᠳᠠ ᠭᠢᠭᠰᠡᠨ ᠶᠠᠪᠤᠳᠠᠯ ᠪᠤᠯᠬᠤ ᠶᠤᠮ᠃ ᠳᠡᠭᠡᠷ᠎ᠡ ᠵᠠᠭᠤᠨ ᠤ ᠵᠢᠷᠠᠭᠠᠳ ᠤᠨ ᠤ | ᠳᠤᠮᠳᠠᠴᠢ ᠠᠴᠠ ᠬᠦᠨᠳᠤ ᠨᠤᠴᠢᠳᠠᠢ ᠡᠪᠳᠡᠭᠳᠡᠯ ᠳᠤ ᠤᠴᠠᠷᠠᠵᠤ᠂ 1978 ᠤᠨ ᠠᠴᠠ 2003 ᠤᠨ ᠤ | ᠬᠤᠭᠤᠷᠤᠨᠳᠤ ᠰᠡᠷᠬᠦᠭᠡᠨ ᠵᠠᠰᠠᠬᠤ ᠠᠵᠢᠯ ᠢ ᠭᠢᠭᠰᠡᠨ ᠪᠤᠯᠪᠠᠴᠤ ᠬᠠᠭᠤᠴᠢᠨ ᠭᠡᠪ ᠮᠠᠶ᠋ᠢᠭ ᠢ ᠨᠢ ᠰᠡᠷᠬᠦᠭᠡᠵᠤ | ᠴᠢᠳᠠᠭᠰᠠᠨ ᠦᠭᠡᠢ᠃ 2005 ᠤᠨ ᠳᠤ ᠠᠯᠠᠱᠠ ᠵᠡᠬᠦᠨ ᠬᠤᠰᠢᠭᠤ ᠬᠤᠯᠠᠳᠠᠭᠢᠨ ᠢ ᠳᠤᠭᠳᠠᠭᠠᠭᠴᠢ ᠬᠤᠷᠢᠶ᠎ᠠ ᠶᠢ | ᠰᠡᠷᠬᠦᠭᠡᠨ ᠬᠠᠮᠠᠭᠠᠯᠠᠬᠤ ᠢᠨᠵᠢᠨᠧᠷᠢᠩ ᠢᠶᠠᠨ ᠡᠭᠢᠯᠡᠬᠦᠯᠵᠤ᠂ 2006 ᠤᠨ ᠳᠤ ᠬᠤᠯᠠᠳᠠᠭᠢᠨ ᠢ ᠳᠤᠭᠳᠠᠭᠠᠭᠴᠢ | ᠬᠤᠷᠢᠶ᠎ᠠ ᠪᠤᠶᠤ ᠳ᠋ᠢᠩ ᠶᠤᠸᠠᠨ ᠢᠩ ᠢ ᠪᠦᠬᠦ ᠤᠯᠤᠰ ᠤᠨ ᠵᠢᠷᠭᠤᠳᠤᠭᠠᠷ ᠪᠦᠯᠤᠭ᠌ ᠤᠨ ᠳᠡᠤᠭᠡᠨ ᠳᠤᠷᠠᠰᠬᠠᠯᠳᠤ | ᠵᠦᠢᠯᠡᠰ ᠤᠨ ᠬᠠᠮᠠᠭᠠᠯᠠᠯᠳᠠ ᠶᠢᠨ ᠤᠷᠤᠨ ᠢᠶᠠᠷ ᠳᠤᠭᠳᠠᠭᠠᠭᠰᠠᠨ ᠢᠶᠠᠷ ᠳᠠᠪᠤᠨ ᠳ᠋ᠦᠩᠰᠢᠭᠤᠷ ᠭᠠᠷᠤᠢ ᠳᠦᠬᠦᠷᠢᠭ ᠤᠨ | ᠪᠡᠯᠡ ᠤᠷᠤᠭᠤᠯᠵᠤ ᠰᠠᠯᠪᠢᠨ ᠵᠠᠰᠠᠵᠠᠢ᠃ ᠦᠨᠤᠳᠤᠷ ᠤᠨ ᠬᠤᠯᠠᠳᠠᠭᠢᠨ ᠢ ᠳᠤᠭᠳᠠᠭᠠᠭᠴᠢ ᠬᠤᠷᠢᠶ᠎ᠠ ᠨᠢ ᠤᠯᠤᠰ ᠤᠨ | AAA ᠳᠠᠰ ᠤᠨ ᠵᠤᠭᠠᠴᠠᠯ ᠤᠨ ᠤᠷᠤᠨ ᠪᠠᠶᠢᠵᠤ᠂ ᠪᠠᠶᠠᠨᠬᠤᠳᠠ ᠶᠢᠨ ᠨᠢᠭᠡᠨ ᠵᠤᠭᠠᠴᠠᠯ ᠤᠨ ᠴᠢᠭ ᠪᠤᠯᠵᠤ᠂ | ᠳᠡᠤᠭᠡ ᠶᠢᠨ ᠤᠯᠠ ᠮᠦᠷ ᠢ ᠬᠠᠶᠢᠨ ᠰᠢᠨᠵᠢᠬᠦ᠂ ᠠᠯᠠᠱᠠ ᠶᠢᠨ ᠠᠷᠠᠳ ᠤᠨ ᠮᠦᠽᠧᠢ ᠪᠠᠷ ᠳᠤᠭᠤᠷᠢᠨ ᠦᠵᠡᠬᠦ᠂ | ᠦᠨᠳᠤᠰᠤᠳᠡᠨ ᠤ ᠤᠨᠴᠠᠯᠢᠭᠳᠤ ᠪᠠᠷᠠᠭ᠎ᠠ ᠳᠠᠸᠠᠷ ᠬᠤᠳᠠᠯᠳᠤᠨ ᠠᠪᠬᠤ᠂ ᠢᠳᠡᠭᠡᠨ ᠤᠮᠳᠠᠭᠠᠨ ᠠᠮᠳᠠᠯᠠᠬᠤ᠂ ᠠᠯᠠᠱᠠ | ᠬᠤᠱᠤᠳ ᠤᠨ ᠰᠤᠶᠤᠯ ᠤᠷᠠᠯᠢᠭ ᠢ ᠦᠢᠯᠠᠭᠠᠬᠤ᠂ ᠬᠤᠳᠠ ᠶᠢᠨ ᠭᠡᠷᠡᠮ ᠤᠨ ᠤᠷᠤᠢ ᠠᠴᠠ ᠪᠠᠶᠠᠨᠬᠤᠳᠠ ᠶᠢᠨ | ᠦᠵᠡᠮᠵᠢ ᠶᠢ ᠰᠤᠨᠢᠷᠬᠠᠬᠤ᠂ ᠬᠤᠳᠠ ᠶᠢᠨ ᠳᠤᠳᠤᠷᠠᠭᠢ ᠠᠯᠠᠱᠠ ᠸᠠᠩ ᠤᠨ ᠤᠷᠳᠤᠨ᠂ ᠪᠤᠶᠠᠨ ᠠᠷᠪᠢᠳᠬᠠᠭᠴᠢ | ᠰᠦᠮ᠎ᠠ ᠪᠠᠷ ᠳᠤᠭᠤᠷᠢᠨ ᠵᠤᠭᠠᠴᠠᠵᠤ ᠪᠤᠯᠬᠤ ᠰᠠᠨ᠃ |