| ᠳ᠋ᠢᠩ ᠶᠤᠸᠠᠨ ᠢᠩ ᠬᠤᠳᠠ ᠶᠢᠨ ᠳᠤᠳᠤᠷᠠᠭᠢ ᠳᠤᠮᠤ ᠪᠠᠷᠢᠯᠭ᠎ᠠ ᠭᠡᠪᠡᠯ ᠭᠡᠳᠤᠨ ᠦᠶ᠎ᠠ ᠶᠢᠨ ᠵᠠᠰᠠᠭ ᠨᠤᠶᠠᠳ | ᠳᠠᠰᠤᠷᠠᠯᠳᠠ ᠦᠭᠡᠢ ᠦᠷᠭᠡᠳᠭᠡᠵᠤ᠂ ᠰᠢᠨᠡᠳᠭᠡᠨ ᠵᠠᠰᠠᠭᠰᠠᠨ ᠸᠠᠩ ᠤᠨ ᠤᠷᠳᠤᠨ ᠪᠤᠯᠬᠤ ᠶᠤᠮ᠃ ᠸᠠᠩ ᠤᠨ | ᠤᠷᠳᠤᠨ ᠤ ᠪᠠᠷᠢᠯᠭ᠎ᠠ ᠶᠢᠨ ᠪᠦᠬᠦᠯᠢ ᠴᠤᠭᠴᠠ ᠨᠢ ᠪᠡᠭᠡᠵᠢᠩ ᠤᠨ ᠤᠷᠳᠤᠨ ᠤ ᠮᠠᠶ᠋ᠢᠭ ᠤᠨ ᠪᠠᠷᠢᠯᠭ᠎ᠠ ᠶᠢ | ᠳᠠᠭᠤᠷᠢᠶᠠᠨ ᠪᠠᠶᠢᠭᠤᠯᠤᠭᠰᠠᠨ ᠪᠤᠯᠬᠤᠷ ᠬᠤᠯᠠ ᠦᠢᠷ᠎ᠠ ᠳᠤ ︽ᠪᠤᠭᠤᠮᠳᠠ ᠶᠢᠨ ᠭᠠᠳᠠᠨᠠᠭᠢ ᠪᠠᠭ᠎ᠠ ᠪᠡᠭᠡᠵᠢᠩ︾ ᠭᠡᠵᠤ | ᠠᠯᠳᠠᠷᠰᠢᠭᠰᠠᠨ ᠪᠢᠯᠡ᠃ ᠸᠠᠩ ᠤᠨ ᠤᠷᠳᠤᠨ ᠨᠢ ᠭᠤᠤᠯ ᠤᠷᠳᠤᠨ᠂ ᠵᠡᠬᠦᠨ ᠤᠷᠳᠤᠨ᠂ ᠪᠠᠷᠠᠭᠤᠨ ᠤᠷᠳᠤᠨ᠂ | 1931 ᠤᠨ ᠳᠤ ᠶᠢᠰᠤᠳᠤᠭᠡᠷ ᠦᠶ᠎ᠠ ᠶᠢᠨ ᠠᠷᠪᠠᠳᠤᠭᠠᠷ ᠵᠠᠰᠠᠭ ᠨᠤᠶᠠᠨ ᠳ᠋ᠠᠨᠢᠽᠠᠨ᠎ᠠ ᠶᠢᠨ ᠦᠶ᠎ᠠ ᠳᠤ | ᠪᠠᠶᠢᠭᠤᠯᠤᠭᠰᠠᠨ ᠰᠢᠨ᠎ᠠ ᠤᠷᠳᠤᠨ ᠭᠡᠬᠦ ᠳᠦᠷᠪᠡᠨ ᠭᠡᠰᠡᠭ ᠢᠶᠠᠷ ᠪᠦᠷᠢᠯᠳᠤᠵᠤ᠂ ᠤᠷᠳᠤᠨ ᠪᠦᠷᠢ ᠨᠢ ᠭᠡᠳᠤ ᠭᠡᠳᠤᠨ | ᠳᠠᠪᠬᠤᠷ ᠬᠦᠷᠢᠶ᠎ᠠ ᠲᠠᠢ᠂ ᠡᠷᠳᠡᠨ ᠤ ᠮᠠᠶ᠋ᠢᠭ ᠤᠨ ᠳᠠᠪᠤᠨ ᠵᠠᠭᠤ ᠭᠠᠷᠤᠢ ᠳᠠᠰᠤᠯᠭ᠎ᠠ ᠭᠡᠷ ᠪᠠᠶᠢᠰᠢᠩ ᠲᠠᠢ ᠪᠡᠶᠢᠵᠡᠢ᠃ | ᠭᠤᠤᠯ ᠤᠷᠳᠤᠨ ᠤ ᠬᠤᠶᠢᠳᠤ ᠳᠠᠯ᠎ᠠ ᠳᠤ ᠨᠢ ᠰᠠᠭᠤᠬᠤ ᠦᠷᠤᠭᠡ᠂ ᠪᠤᠷᠬᠠᠨ ᠤ ᠦᠷᠤᠭᠡ᠂ ᠰᠤᠳᠤᠷ ᠨᠤᠮ᠂ ᠳᠠᠭᠢᠯ | ᠳᠠᠪᠠᠭ ᠤᠨ ᠭᠡᠷᠡᠭᠰᠡᠯ ᠢ ᠬᠠᠳᠠᠭᠠᠯᠠᠬᠤ ᠦᠷᠤᠭᠡ᠂ ︽ᠳᠦᠪ ᠵᠢᠷᠤᠮᠳᠤ ᠳᠢᠩᠭᠢᠮ︾ ᠪᠡᠶᠢᠵᠤ᠂ ᠵᠡᠬᠦᠨ ᠪᠠᠷᠠᠭᠤᠨ | ᠬᠤᠶᠠᠷ ᠵᠢᠬᠦᠷ ᠲᠤ ᠨᠢ ᠳᠤᠰ ᠳᠤᠰ ︽ᠵᠠᠭᠢᠶ᠎ᠠ ᠤᠯᠠᠮᠵᠢᠯᠠᠬᠤ ᠳᠢᠩᠭᠢᠮ︾ ᠪᠠ ︽ᠶᠤᠰᠤᠯᠠᠯ ᠤᠨ ᠳᠢᠩᠭᠢᠮ︾ | ᠪᠡᠶᠢᠵᠡᠢ᠃ ᠠᠩᠬᠠᠨ ᠳᠤ ᠪᠠᠨ ᠸᠠᠩ ᠤᠨ ᠤᠷᠳᠤᠨ ᠨᠢ ᠵᠠᠰᠠᠭ ᠤᠨ ᠤᠷᠳᠤᠨ ᠪᠠᠶᠢᠵᠤ᠂ ᠮᠠᠬᠠᠪᠠᠯᠠ ᠨᠤᠶᠠᠨ ᠤ | ᠦᠶ᠎ᠠ ᠳᠤ ᠳᠠᠮᠠᠭ᠎ᠠ ᠶᠢᠨ ᠶᠠᠮᠤᠨ ᠢ ᠡᠭᠢᠯᠡᠨ ᠪᠠᠶᠢᠭᠤᠯᠵᠤ᠂ ᠸᠠᠩ ᠤᠨ ᠤᠷᠳᠤᠨ ᠨᠢ ᠸᠠᠩ ᠤᠨ ᠰᠠᠭᠤᠬᠤ ᠭᠡᠷ | ᠪᠤᠯᠵᠤ᠂ ᠳᠠᠮᠠᠭ᠎ᠠ ᠶᠢᠨ ᠶᠠᠮᠤᠨ ᠨᠢ ᠬᠤᠰᠢᠭᠤ ᠵᠠᠰᠠᠭ ᠤᠨ ᠭᠡᠷᠡᠭ ᠰᠶᠢᠳᠬᠦ ᠭᠠᠵᠠᠷ ᠪᠤᠯᠤᠭᠰᠠᠨ ᠪᠠᠶᠢᠨ᠎ᠠ᠃ | ᠳᠠᠮᠠᠭ᠎ᠠ ᠶᠢᠨ ᠶᠠᠮᠤᠨ ᠨᠢ ᠸᠠᠩ ᠤᠨ ᠤᠷᠳᠤᠨ ᠤ ᠪᠠᠷᠠᠭᠤᠨ ᠳᠠᠯ᠎ᠠ ᠳᠤ ᠪᠠᠶᠢᠷᠢᠯᠠᠵᠤ᠂ ᠳᠡᠬᠦᠨ ᠳᠤ ᠠᠯᠪᠠᠨ | ᠰᠶᠢᠳᠭᠡᠬᠦ ᠳᠢᠩᠭᠢᠮ᠂ ᠬᠤᠷᠠᠯ ᠤᠨ ᠳᠢᠩᠭᠢᠮ᠂ ᠵᠠᠰᠠᠭ ᠤᠨ ᠶᠠᠪᠤᠳᠠᠯ ᠤᠨ ᠭᠠᠵᠠᠷ᠂ ᠡᠳ᠋ ᠤᠨ ᠵᠠᠰᠠᠭ ᠤᠨ ᠭᠠᠵᠠᠷ᠂ | ᠰᠤᠷᠭᠠᠨ ᠬᠦᠮᠤᠵᠢᠯ ᠤᠨ ᠭᠠᠵᠠᠷ ᠪᠤᠯᠤᠨ ᠳᠦᠰᠢᠮᠠᠯ᠂ ᠪᠢᠴᠢᠭᠡᠴᠢ ᠨᠠᠷ ᠤᠨ ᠰᠠᠭᠤᠬᠤ ᠭᠡᠷ ᠵᠡᠷᠭᠡ ᠨᠠᠢᠮᠠᠨ ᠭᠡᠰᠡᠭ᠂ | ᠬᠤᠶᠠᠷ ᠵᠠᠭᠤ ᠭᠤᠴᠢ ᠭᠠᠷᠤᠢ ᠳᠠᠰᠤᠯᠭ᠎ᠠ ᠪᠠᠶᠢᠰᠢᠩ ᠲᠠᠢ᠂ ᠬᠤᠳᠠ ᠶᠢᠨ ᠡᠮᠤᠨ᠎ᠡ ᠡᠬᠦᠳᠠ ᠪᠠᠷ ᠤᠷᠤᠮᠠᠭᠴᠠ | ᠰᠢᠬᠦᠬᠦ ᠬᠤᠷᠢᠶ᠎ᠠ᠂ ᠶᠠᠯᠠᠳᠠᠨ ᠢ ᠬᠤᠷᠢᠬᠤ ᠭᠠᠵᠠᠷ ᠨᠢᠭᠡ ᠬᠦᠷᠢᠶ᠎ᠠ ᠳᠠᠯᠠᠨ ᠶᠢᠰᠤᠨ ᠳᠠᠰᠤᠯᠭ᠎ᠠ ᠪᠠᠶᠢᠰᠢᠩ ᠲᠠᠢ᠂ | ᠬᠤᠳᠠ ᠶᠢᠨ ᠪᠠᠷᠠᠭᠤᠨ ᠡᠮᠤᠨᠡᠳᠤ ᠭᠡᠰᠡᠭ ᠲᠤ ᠠᠮᠤᠷ ᠢ ᠬᠠᠮᠠᠭᠠᠯᠠᠬᠤ ᠶᠡᠷᠤᠩᠭᠡᠢ ᠠᠩᠭᠢ ᠶᠢᠨ ᠬᠤᠷᠢᠶ᠎ᠠ ᠨᠢᠭᠡ | ᠬᠦᠷᠢᠶ᠎ᠠ ᠵᠠᠭᠤᠨ ᠳᠠᠰᠤᠯᠭ᠎ᠠ ᠪᠠᠶᠢᠰᠢᠩ ᠲᠠᠢ᠂ ᠬᠤᠰᠢᠭᠤ ᠰᠠᠩ ᠨᠢᠭᠡ ᠬᠦᠷᠢᠶ᠎ᠠ ᠳᠦᠴᠢᠨ ᠳᠠᠰᠤᠯᠭ᠎ᠠ ᠪᠠᠶᠢᠰᠢᠩ ᠲᠠᠢ | ᠂ ᠴᠡᠷᠢᠭ ᠰᠠᠩ ᠨᠢᠭᠡ ᠬᠦᠷᠢᠶ᠎ᠠ ᠭᠤᠴᠢᠨ ᠬᠤᠶᠠᠷ ᠳᠠᠰᠤᠯᠭ᠎ᠠ ᠪᠠᠶᠢᠰᠢᠩ ᠲᠠᠢ᠂ ᠫᠤᠤ ᠵᠡᠪᠰᠡᠭ ᠬᠠᠳᠠᠭᠠᠯᠠᠬᠤ ᠬᠤᠶᠠᠷ | ᠬᠦᠷᠢᠶ᠎ᠠ ᠬᠤᠷᠢᠨ ᠳᠠᠰᠤᠯᠭ᠎ᠠ ᠪᠠᠶᠢᠰᠢᠩ ᠲᠠᠢ᠂ ᠡᠬᠦᠳᠡᠨ ᠤ ᠬᠠᠷᠠᠭᠤᠯ ᠤᠨ ᠭᠡᠷ ᠨᠢᠭᠡ ᠬᠦᠷᠢᠶ᠎ᠠ ᠳᠦᠴᠢᠨ | ᠳᠠᠰᠤᠯᠭ᠎ᠠ ᠪᠠᠶᠢᠰᠢᠩ ᠲᠠᠢ ᠪᠠᠶᠢᠵᠡᠢ᠃ | ᠸᠠᠩ ᠤᠨ ᠤᠷᠳᠤᠨ ᠠᠴᠠ ᠬᠤᠶᠢᠰᠢ ᠵᠠᠯᠭᠠᠭᠠᠳ ᠬᠠᠮᠤᠭ ᠤᠨ ᠠᠩᠬᠠᠨ ᠤ ᠪᠠᠶᠢᠭᠤᠯᠤᠭᠰᠠᠨ ᠬᠤᠰᠢᠭᠤ | ᠰᠦᠮ᠎ᠠ — ᠪᠤᠶᠠᠨ ᠠᠷᠪᠢᠳᠬᠠᠭᠴᠢ ᠰᠦᠮ᠎ᠠ ᠪᠠᠶᠢᠳᠠᠭ᠃ ᠳᠤᠰ ᠰᠦᠮ᠎ᠠ ᠪᠤᠯ ᠳᠦᠪᠠᠳ ᠭᠢᠳᠡᠳ ᠦᠨᠳᠤᠰᠤᠳᠡᠨ | ᠤ ᠪᠠᠷᠢᠯᠭ᠎ᠠ ᠶᠢᠨ ᠭᠡᠯᠪᠡᠷᠢ ᠶᠢ ᠤᠶᠠᠯᠳᠤᠭᠤᠯᠨ ᠪᠤᠰᠬᠠᠭᠰᠠᠨ ᠭᠤᠷᠪᠠᠨ ᠳᠠᠪᠬᠤᠷᠯᠢᠭ ᠲᠠᠢ ᠳᠦᠴᠢᠨ ᠶᠢᠰᠤᠨ | ᠳᠠᠰᠤᠯᠭ᠎ᠠ ᠪᠦᠬᠦᠢ ᠴᠤᠭᠴᠢᠨ ᠳᠤᠭᠠᠩ ᠢᠶᠠᠷ ᠭᠤᠤᠯ ᠪᠤᠯᠭᠠᠭᠰᠠᠨ ᠠᠷᠪᠠᠨ ᠳᠠᠪᠤᠨ ᠰᠠᠭᠤᠷᠢ ᠳᠤᠭᠠᠩ ᠲᠠᠢ ᠰᠦᠮ᠎ᠠ | ᠪᠡᠶᠢᠵᠤ᠂ ᠡᠬᠦᠨ ᠳᠤ ᠭᠤᠷᠪᠠᠨ ᠴᠠᠭ ᠤᠨ ᠪᠤᠷᠬᠠᠨ ᠤ ᠰᠦᠮ᠎ᠠ᠂ ᠨᠦᠩᠨᠠᠢ ᠶᠢᠨ ᠳᠤᠭᠠᠩ᠂ ᠳ᠋ᠦᠢᠩᠺᠤᠷ ᠳᠤᠭᠠᠩ᠂ | ᠠᠭᠪᠠ ᠳᠤᠭᠠᠩ᠂ ᠮᠠᠮᠪᠠ ᠳᠤᠭᠠᠩ᠂ ᠭᠤᠩᠺᠠᠩ᠂ ᠼᠠᠩᠺᠠᠩ᠂ ᠳᠠᠪᠤᠨ ᠬᠠᠭᠠᠨ᠂ ᠠᠯᠠᠱᠠ ᠳᠤᠭᠠᠩ᠂ ᠮᠠᠨᠢ ᠶᠢᠨ | ᠬᠦᠷᠳᠤ᠂ ᠭᠠᠨᠵᠤᠤᠷ ᠤᠨ ᠬᠦᠷᠳᠤ ᠶᠢᠨ ᠰᠦᠮ᠎ᠠ᠂ ᠭᠡᠩᠭᠡᠷᠭᠡ ᠭᠢᠭᠡᠳ ᠵᠦᠩ ᠳᠤᠭᠢᠶᠠᠨ ᠤ ᠠᠰᠠᠷ᠂ ᠮᠠᠾᠠᠷᠠᠨᠽᠠ | ᠶᠢᠨ ᠰᠦᠮ᠎ᠠ᠂ ᠼᠠᠩᠶᠠᠩᠵᠠᠮᠰᠤ ᠶᠢᠨ ᠯᠠᠪᠷᠤᠩ᠂ ᠳ᠋ᠠᠭᠪᠤ ᠬᠤᠳᠤᠭᠳᠤ᠂ ᠳ᠋ᠤᠪᠽᠠᠩ ᠬᠤᠳᠤᠭᠳᠤ᠂ ᠳ᠋ᠧᠰᠡᠷᠢᠳ | ᠬᠤᠳᠤᠭᠳᠤ᠂ ᠮᠠᠨᠢᠴᠢ ᠯᠠᠮᠠ᠂ ᠭᠠᠨᠵᠤᠤᠷᠪᠠ ᠪᠠᠭᠰᠢ ᠵᠡᠷᠭᠡ ᠭᠡᠭᠡᠨ ᠬᠤᠪᠢᠯᠭᠠᠳ ᠨᠠᠷ ᠤᠨ ᠯᠠᠪᠷᠤᠩ᠂ ᠰᠠᠩ ᠵᠢᠰᠠ | ᠵᠡᠷᠭᠡ ᠪᠠᠶᠢᠵᠤ᠂ ᠳᠤᠰ ᠰᠦᠮ᠎ᠡ 1986 ᠤᠨ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠭᠤᠤᠯᠳᠠᠯᠭ᠎ᠠ ᠲᠠᠢ ᠳᠡᠤᠭᠡᠳᠤ ᠳᠤᠷᠠᠰᠬᠠᠯ ᠤᠨ ᠬᠠᠮᠠᠭᠠᠯᠠᠬᠤ ᠨᠢᠭᠡᠴᠠ ᠪᠤᠯᠵᠡᠢ᠃ ᠡᠬᠦᠨ ᠠᠴᠠ ᠭᠠᠳᠠᠨ᠎ᠠ ᠬᠤᠳᠠ ᠶᠢᠨ | ᠪᠠᠷᠠᠭᠤᠨ ᠬᠤᠶᠢᠳᠤ ᠦᠨᠳᠦᠷᠯᠢᠭ ᠳᠡᠭᠡᠷ᠎ᠡ ᠭᠢᠳᠡᠳ ᠮᠠᠶ᠋ᠢᠭ ᠤᠨ ᠡᠷᠯᠢᠭ ᠬᠠᠭᠠᠨ ᠤ ᠰᠦᠮ᠎ᠠ᠂ ᠡᠮᠤᠨ᠎ᠡ ᠡᠬᠦᠳᠠᠨ | ᠠᠴᠠ ᠵᠠᠬᠦᠨᠰᠢ ᠳᠦᠪ ᠶᠤᠰᠤᠳᠤ ᠰᠦᠮ᠎ᠠ᠂ ᠠᠭᠤᠯᠠᠨ ᠰᠠᠭᠢᠭᠤᠯᠰᠤᠨ ᠤ ᠰᠦᠮ᠎ᠠ᠂ ᠠᠶᠤᠩᠭᠠᠳᠤ ᠰᠠᠭᠢᠭᠤᠯᠰᠤᠨ ᠤ | ᠰᠦᠮ᠎ᠠ᠂ ᠪᠤᠳᠢᠰᠠᠳ᠋ᠸ᠎ᠠ ᠶᠢᠨ ᠰᠦᠮ᠎ᠠ᠂ ᠠᠪᠤᠷᠭᠤ ᠤᠳᠤᠳᠤ ᠰᠦᠮ᠎ᠠ ᠪᠠᠶᠢᠵᠤ᠂ ᠵᠡᠬᠦᠨ ᠬᠤᠶᠢᠳᠤ ᠦᠨᠴᠤᠭ᠌ ᠲᠤ | ᠪᠠᠳᠤ ᠬᠠᠭᠠᠯᠭᠠᠳᠤ ᠰᠦᠮ᠎ᠠ᠂ ᠳᠤᠳᠤᠷ᠎ᠠ ᠳᠠᠯ᠎ᠠ ᠳᠤ ᠨᠢ ᠮᠠ ᠸᠠᠩ ᠮᠢᠶᠤᠤ ᠰᠦᠮ᠎ᠠ ᠪᠠᠶᠢᠵᠤ᠂ ᠬᠤᠳᠠ ᠶᠢᠨ | ᠪᠠᠷᠠᠭᠤᠨ ᠭᠡᠷᠡᠮ ᠤᠨ ᠳᠡᠨᠳᠡ ᠬᠦᠨ ᠡᠯᠴᠢᠨ ᠰᠦᠮ᠎ᠠ ᠪᠠᠶᠢᠵᠤ᠂ ᠬᠤᠳᠠ ᠶᠢᠨ ᠳᠤᠮᠳᠠ ᠨᠢ ᠯᠤᠤᠰ ᠤᠨ ᠰᠦᠮ᠎ᠠ | ᠪᠠᠶᠢᠵᠤ᠂ ᠡᠳᠡᠭᠡᠷ ᠨᠢ ᠴᠦᠮ ᠪᠠᠭ᠎ᠠ ᠪᠠᠭ᠎ᠠ ᠰᠦᠮ᠎ᠠ ᠤᠳ ᠪᠤᠯᠬᠤ ᠶᠤᠮ᠃ |