| ᠳᠡᠭᠷᠢ ᠡᠯᠡᠰᠤ ᠪᠤᠯ ᠠᠯᠠᠱᠠ ᠵᠡᠬᠦᠨ ᠬᠤᠰᠢᠭᠤᠨ ᠤ ᠵᠡᠬᠦᠨ ᠡᠮᠤᠨᠡᠳᠤ ᠭᠡᠰᠡᠭ ᠲᠤ ᠪᠠᠶᠢᠷᠢᠯᠠᠵᠤ᠂ ᠶᠠᠷᠤᠩᠭᠡᠢ | ᠳᠠᠯᠠᠪᠠᠢ ᠨᠢ 3.67 ᠳᠦᠮᠡᠨ ᠳᠡᠭᠰᠢ ᠳᠦᠷᠪᠡᠯᠵᠢᠨ ᠺᠢᠯᠤᠮᠧᠲᠷ ᠪᠠᠶᠢᠵᠤ᠂ ᠳᠠᠯᠠᠢ ᠶᠢᠨ ᠳᠦᠪᠰᠢᠨ ᠠᠴᠠ 1200 | —1400 ᠮᠧᠲᠷ ᠡᠷᠬᠦᠭᠳᠡᠵᠤ ᠪᠠᠶᠢᠭ᠎ᠠ ᠮᠠᠨ ᠤ ᠤᠯᠤᠰ ᠤᠨ ᠳᠦᠷᠪᠡᠳᠤᠭᠡᠷ ᠶᠡᠭᠡ ᠡᠯᠡᠰᠤᠨ ᠴᠦᠯ ᠪᠤᠯᠤᠨ᠎ᠠ᠃ | ᠳᠡᠭᠷᠢ ᠡᠯᠡᠰᠤ ᠶᠢᠨ ᠨᠡᠷ᠎ᠡ ᠶᠢᠨ ᠳᠤᠬᠠᠢ ᠤᠯᠠᠨ ᠵᠦᠢᠯ ᠤᠨ ᠭᠡᠯᠡᠯᠭᠡ ᠪᠠᠶᠢᠳᠠᠭ ᠪᠤᠯᠪᠠᠴᠤ ᠬᠦᠪᠡᠭᠡ ᠭᠢᠵᠠᠭᠠᠷ | ᠦᠭᠡᠢ ᠦᠷᠬᠦᠯᠵᠢᠯᠡᠭᠰᠡᠨ ᠡᠯᠡᠰᠤ ᠭᠡᠬᠦ ᠤᠳᠬ᠎ᠠ ᠪᠠᠷ ᠳᠡᠭᠷᠢ ᠡᠯᠡᠰᠤ ᠭᠡᠮᠡᠨ ᠨᠡᠷᠡᠯᠡᠭᠰᠡᠨ ᠭᠡᠵᠤ ᠨᠤᠳᠤᠭ ᠤᠨ ᠬᠦᠮᠤᠰ | ᠦᠵᠡᠳᠡᠭ᠃ | ᠭᠢᠵᠠᠭᠠᠷ ᠦᠭᠡᠢ ᠨᠠᠯᠤᠶᠢᠨ ᠦᠷᠬᠦᠯᠵᠢᠯᠡᠭᠰᠡᠨ ᠠᠯᠳᠠᠨ ᠰᠢᠷᠭᠠᠯ ᠡᠯᠡᠰᠤᠨ ᠳᠠᠯᠠᠢ ᠨᠢ ᠡᠮᠤᠨᠡᠰᠢ ᠤᠮᠠᠷᠠᠰᠢ | ᠬᠦᠨᠳᠠᠯᠢᠰᠤᠨ ᠵᠠᠯᠭᠠᠯᠳᠤᠵᠤ᠂ ᠠᠳᠡᠭᠢ ᠡᠯᠡᠰᠤᠨ ᠤ ᠤᠯᠠᠩᠭᠢ ᠨᠢ ᠬᠠᠪᠢᠷᠭᠠᠨ ᠰᠠᠷᠠᠨ ᠤ ᠭᠡᠯᠪᠡᠷᠢᠳᠡᠢ ᠡᠯᠡᠰᠤᠨ | ᠨᠢᠷᠤᠭᠤ ᠨᠤᠭᠤᠳ ᠪᠠᠶᠢᠵᠤ᠂ ᠦᠨᠳᠤᠷ ᠡᠯᠡᠰᠤ ᠨᠢ ᠵᠡᠬᠦᠨ ᠬᠤᠶᠢᠳᠤ ᠳᠠᠯ᠎ᠠ ᠶᠢᠨ ᠬᠦᠪᠡᠭᠡ ᠪᠠᠷ ᠪᠠᠶᠢᠷᠢᠰᠢᠵᠤ᠂ | ᠠᠭᠤᠷ ᠠᠮᠢᠰᠬᠤᠯ ᠨᠢ ᠭᠠᠩ ᠬᠠᠭᠤᠷᠠᠢ ᠪᠤᠯᠪᠠᠴᠤ ᠪᠦᠬᠦ ᠡᠯᠡᠰᠤᠨ ᠤ ᠭᠡᠪᠴᠢᠶᠠᠨ ᠳᠤ 400 ᠭᠠᠷᠤᠢ ᠨᠠᠭᠤᠷ | ᠪᠦᠷᠢᠳᠤ ᠤᠳᠤᠨ ᠮᠠᠴᠢᠳ ᠰᠢᠭ ᠭᠢᠯᠠᠯᠵᠠᠨ ᠳᠠᠷᠬᠠᠵᠤ᠂ ᠤᠰᠤᠨ ᠤ ᠭᠡᠪᠴᠢᠶ᠎ᠠ ᠨᠢ 200 — 400 ᠮᠤ᠋ ᠬᠦᠷᠬᠦ | ᠳᠡᠯᠡᠪᠡᠢ ᠲᠠᠢ ᠳᠤᠤᠵᠢᠨ᠂ ᠨᠠᠷᠠᠨ᠂ ᠰᠤᠬᠠᠶᠢᠳᠤ᠂ ᠴᠡᠴᠡᠭᠳᠤ᠂ ᠳᠦᠩᠭᠡᠳᠤ᠂ ᠬᠤᠨᠳᠤ᠂ ᠬᠠᠷ᠎ᠠ ᠤᠰᠤᠨ᠂ ᠬᠠᠯᠳᠠᠷ | ᠵᠡᠷᠭᠡ ᠠᠷᠪᠠ ᠭᠠᠷᠤᠢ ᠨᠠᠭᠤᠷ ᠪᠠᠶᠢᠳᠠᠭ᠃ ᠳᠡᠭᠷᠢ ᠡᠯᠡᠰᠤᠨ ᠳᠤ ᠭᠤᠤᠯᠳᠠᠭᠤ ᠳᠠᠯᠠᠨ ᠬᠠᠯᠢᠰᠤ᠂ ᠪᠤᠴᠢᠭᠢᠨᠠᠭᠤᠷ᠂ | ᠵᠡᠭᠡᠷᠭᠡᠨ᠎ᠡ᠂ ᠬᠤᠯᠤᠰᠤ᠂ ᠰᠤᠯᠢ᠂ ᠰᠠᠷᠠᠯᠵᠢ᠂ ᠴᠦᠯᠢᠭᠡᠷ᠂ ᠬᠠᠷᠮᠠᠭ᠂ ᠳᠠᠷᠠᠰᠤ ᠵᠡᠷᠭᠡ ᠤᠷᠭᠤᠮᠠᠯ ᠪᠠᠶᠢᠵᠤ᠂ ᠳᠠᠪᠤᠨ | ᠬᠤᠰᠢᠭᠤ ᠮᠠᠯ ᠤᠨ ᠰᠢᠮ᠎ᠡ ᠳᠡᠬᠦᠯᠳᠡᠷ ᠳᠡᠵᠢᠭᠡᠯ ᠪᠤᠯᠬᠤ ᠶᠤᠮ᠃ | ᠨᠤᠳᠤᠭ ᠤᠨ ᠤᠨᠴᠠ ᠭᠠᠷᠤᠯᠳᠠ ᠭᠡᠪᠡᠯ᠂ ᠰᠠᠷᠠᠯᠵᠢ᠂ ᠤᠯᠠᠭᠠᠨ ᠭᠤᠶᠤᠤ᠂ ᠬᠦᠮᠠᠯᠢ ᠵᠡᠷᠭᠡ ᠪᠤᠢ᠃ | ᠰᠠᠷᠠᠯᠵᠢ ᠶᠢ ᠨᠤᠳᠤᠭ ᠤᠨ ᠬᠦᠮᠤᠰ ᠰᠢᠷ᠎ᠠ ᠰᠢᠪᠠᠭ ᠭᠡᠵᠤ ᠳᠠᠭᠤᠳᠠᠳᠠᠭ᠂ ᠳᠠᠷᠡ ᠪᠤᠯ ᠨᠢᠭᠡᠨ ᠵᠦᠢᠯ ᠤᠨ ᠡᠮᠳᠤ | ᠤᠷᠭᠤᠮᠠᠯ ᠪᠠᠶᠢᠵᠤ᠂ ᠰᠢᠷᠬᠠᠨ ᠳᠡᠭᠡᠷ᠎ᠡ ᠳᠦᠷᠭᠢᠪᠠᠯ ᠬᠠᠪᠤᠳᠠᠷ ᠬᠠᠷᠢᠭᠤᠯᠳᠠᠭ᠂ ᠳᠡᠬᠦᠨ ᠤ ᠦᠷ᠎ᠡ ᠨᠢ ᠨᠠᠭᠠᠯᠳᠤᠩᠬᠠᠢ | ᠴᠢᠨᠠᠷ ᠲᠠᠢ ᠳᠤᠯᠨ ᠪᠠᠰᠠᠴᠤ ᠪᠤᠭᠢ ᠭᠢᠬᠦ ᠳᠦᠬᠦᠭᠡᠢ ᠮᠠᠲ᠋ᠧᠷᠢᠶᠠᠯ ᠪᠤᠯᠳᠠᠭ︔ ᠬᠠᠷᠮᠠᠭ ᠤᠨ ᠦᠨᠳᠤᠰᠤ ᠠᠴᠠ ᠰᠢᠮ᠎ᠡ | ᠠᠪᠴᠤ ᠤᠷᠭᠤᠳᠠᠭ ᠤᠯᠠᠭᠠᠨ ᠭᠤᠶᠤᠤ ᠪᠤᠯ ᠨᠢᠭᠡ ᠵᠦᠢᠯ ᠤᠨ ᠪᠠᠶᠢᠭᠠᠯᠢᠯᠢᠭ ᠡᠮᠳᠤ ᠤᠷᠭᠤᠮᠠᠯ ᠪᠠᠶᠢᠵᠤ᠂ ᠰᠢᠷ᠎ᠠ ᠶᠢ | ᠳᠠᠷᠤᠵᠤ ᠢᠳᠡᠭᠡᠨ ᠢ ᠰᠢᠩᠭᠡᠭᠡᠬᠦ᠂ ᠳᠠᠮᠢᠷ ᠢ ᠰᠡᠶᠢᠵᠢᠷᠠᠭᠤᠯᠬᠤ ᠴᠢᠳᠠᠯ ᠲᠠᠢ ᠪᠠᠶᠢᠳᠠᠭ︔ ᠬᠦᠮᠡᠯᠢ ᠨᠢ ᠨᠢᠭᠡᠨ | ᠵᠦᠢᠯ ᠤᠨ ᠪᠠᠶᠢᠭᠠᠯᠢᠯᠢᠭ ᠨᠤᠭᠤᠭ᠎ᠠ ᠪᠠᠶᠢᠵᠤ᠂ ᠬᠦᠮᠤᠰ ᠬᠠᠭᠤᠷᠴᠤ ᠢᠳᠡᠬᠦ᠂ ᠳᠠᠪᠤᠰᠤᠯᠠᠵᠤ ᠢᠳᠡᠬᠦ᠂ ᠪᠠᠩᠰᠢ | ᠪᠠᠷᠢᠵᠤ ᠢᠳᠡᠬᠦ᠂ ᠪᠤᠳᠠᠭᠠᠨ ᠳᠤ ᠤᠷᠭᠢᠵᠤ ᠢᠳᠡᠬᠦ ᠵᠡᠷᠭᠡ ᠤᠯᠠᠨ ᠳᠠᠯ᠎ᠠ ᠪᠠᠷ ᠠᠰᠢᠭᠯᠠᠳᠠᠭ᠃ ᠠᠳᠡᠭᠢ ᠨᠤᠳᠤᠭ ᠤᠨ | ᠰᠢᠷ᠎ᠠ ᠦᠭᠡᠷ ᠤᠨ ᠮᠢᠬᠠᠨ ᠤ ᠠᠮᠳᠠ ᠨᠢ ᠰᠡᠶᠢᠬᠠᠨ ᠮᠦᠷᠳᠡᠭᠡᠨ ᠵᠦᠭᠡᠯᠡᠨ ᠪᠠᠶᠢᠳᠠᠭ ᠢᠶᠠᠷ ᠢᠶᠠᠨ ᠤᠨᠴᠠᠯᠢᠭᠳᠠᠨ᠎ᠠ᠃ | 2009 ᠤᠨ ᠤ ᠡᠭᠢᠨ ᠳᠤ ᠠᠯᠠᠱᠠ ᠠᠶᠢᠮᠠᠭ ᠤᠨ ᠵᠠᠭᠢᠷᠭ᠎ᠠ ᠶᠢᠨ ᠵᠦᠪᠰᠢᠶᠡᠷᠡᠯ ᠢᠶᠠᠷ ᠪᠠᠶᠢᠭᠤᠯᠤᠭᠳᠠᠭᠰᠠᠨ | ᠠᠯᠠᠱᠠ ᠶᠢᠨ ᠳᠡᠭᠷᠢ ᠠᠵᠤ ᠠᠬᠤᠢ ᠮᠡᠷᠭᠡᠵᠢᠯ ᠤᠨ ᠨᠡᠭᠡᠭᠡᠯᠳᠡ ᠶᠢᠨ ᠤᠷᠤᠨ ᠠᠳᠠ ᠪᠠᠶᠢᠬᠤ ᠪᠦᠭᠡᠳ 2000 | ᠤᠨ ᠠᠴᠠ ᠬᠤᠶᠢᠰᠢ ᠳᠠᠯᠠᠭᠡᠢ ᠨᠠᠶᠢᠳᠠ ᠶᠢᠨ ᠰᠤᠶᠤᠯ ᠵᠤᠭᠠᠴᠠᠯ ᠤᠨ ᠦᠢᠯᠡᠰ ᠤᠨ ᠳᠦᠷᠭᠡᠨ ᠬᠦᠭᠵᠢᠯᠳᠡ ᠶᠢ | ᠳᠠᠭᠠᠯᠳᠤᠨ ᠠᠳᠡᠭᠢ ᠵᠤᠭᠠᠴᠠᠯ ᠦᠢᠯᠡᠰ ᠴᠤ ᠬᠦᠭᠵᠢᠯᠳᠡ ᠲᠠᠢ ᠪᠤᠯᠵᠤ᠂ ᠬᠠᠯᠳᠠᠷ ᠨᠠᠭᠤᠷ ᠤᠨ ᠵᠤᠭᠠᠴᠠᠯ ᠤᠨ | ᠤᠷᠤᠨ᠂ ᠬᠤᠨᠳᠤ ᠨᠠᠭᠤᠷ ᠤᠨ ᠵᠤᠭᠠᠴᠠᠯ ᠤᠨ ᠤᠷᠤᠨ᠂ ᠳᠤᠩᠬᠤ ᠶᠢᠨ ᠳᠠᠯ᠎ᠠ ᠨᠤᠳᠤᠭ ᠤᠨ ᠵᠤᠭᠠᠴᠠᠯ ᠤᠨ ᠤᠷᠤᠨ | ᠮᠦᠨ ᠠᠳᠡ ᠪᠤᠢ᠃ |