| | ᠠᠯᠠᠱᠠ ᠬᠤᠰᠢᠭᠤᠨ ᠤ ᠠᠪᠤᠤ ᠨᠤᠶᠠᠨ ᠢ ᠡᠩᠭᠡ ᠠᠮᠤᠭᠤᠯᠠᠩ ᠬᠠᠭᠠᠨ ᠤ ᠠᠴᠢ ᠦᠭᠢᠨ — ᠳᠤᠭᠰᠢᠨ | ᠬᠦᠩᠵᠤ ᠲᠠᠢ ᠤᠷᠤᠭᠯᠠᠭᠠᠳ ᠨᠤᠳᠤᠭ ᠪᠤᠴᠠᠬᠤ ᠳᠤ ᠨᠢ ᠤᠳᠠᠭᠠᠨ ᠵᠢᠯ ᠳᠡᠵᠢᠭᠡᠭᠰᠡᠨ ᠨᠢᠭᠡ ᠬᠤᠤᠰ ᠬᠠᠯᠢᠭᠤᠨ | ᠭᠠᠯᠠᠭᠤ ᠪᠠᠨ ᠡᠴᠢᠭᠡ ᠡᠭᠡ ᠨᠢ ᠦᠭᠢᠨ ᠳᠡᠭᠡᠨ ᠦᠭᠴᠦ ᠭᠡᠨ᠎ᠡ᠃ ᠠᠯᠠᠱᠠ ᠳᠤ ᠢᠷᠡᠭᠰᠡᠨ ᠤ ᠳᠠᠷᠠᠭ᠎ᠠ ᠳᠠᠷᠡ | ᠬᠤᠤᠰ ᠬᠠᠯᠢᠭᠤᠨ ᠭᠠᠯᠠᠭᠤ ᠨᠢ ᠨᠢᠭᠡ ᠪᠢᠴᠢᠬᠠᠨ ᠬᠠᠯᠢᠭᠤᠨ ᠭᠠᠯᠠᠭᠤ ᠳᠦᠷᠤᠭ᠍ᠰᠡᠨ ᠳᠤ ︽ᠴᠠᠭᠠᠨ ᠡᠬᠦᠯᠡ︾ ᠭᠡᠵᠤ | ᠨᠠᠷᠠᠯᠠᠵᠠᠢ᠃ ᠬᠦᠩᠵᠤ ᠡᠵᠢ ᠪᠠᠨ ᠰᠠᠨᠠᠨ ᠮᠦᠷᠤᠭᠡᠳᠬᠦ ᠶᠢᠨ ᠳᠦᠢᠯ ᠳᠤ ᠬᠦᠷᠴᠦ ᠴᠠᠭᠠᠨ ᠡᠬᠦᠯᠡ ᠪᠠᠷ ᠢᠶᠠᠨ ᠵᠠᠭᠢᠳᠠᠯ | ᠬᠦᠷᠭᠡᠬᠦᠯᠬᠦ ᠪᠠᠷ ᠶᠠᠪᠤᠭᠤᠯᠤᠭᠰᠠᠨ ᠳᠤ᠂ ᠵᠠᠮ ᠵᠠᠭᠤᠷ᠎ᠠ ᠰᠠᠯᠭᠢ ᠰᠢᠭᠤᠷᠭᠠᠨ ᠲᠠᠢ ᠳᠠᠭᠠᠷᠠᠯᠳᠤᠵᠤ᠂ ᠳᠡᠭᠷᠢ | ᠡᠯᠡᠰᠤᠨ ᠳᠤ ᠤᠨᠠᠵᠤ ᠭᠡᠨ᠎ᠡ᠃ ᠪᠢᠴᠢᠬᠠᠨ ᠬᠠᠯᠢᠭᠤᠨ ᠭᠠᠯᠠᠭᠤ ᠡᠬᠦᠷᠭᠡ ᠪᠠᠨ ᠪᠠᠶᠠᠯᠠᠬᠦᠯᠵᠤ ᠴᠢᠳᠠᠭᠰᠠᠨ ᠦᠭᠡᠢ | ᠳᠤᠯᠠ ᠤᠷᠤᠢ ᠪᠤᠯᠭᠠᠨ ᠰᠠᠷ᠎ᠠ ᠶᠢ ᠪᠠᠷᠠᠯᠠᠨᠨᠢᠯᠪᠤᠰᠤ ᠤᠨᠠᠭᠠᠭᠰᠠᠭᠠᠷ ᠡᠳᠤᠷ ᠤᠨ ᠤᠳᠠᠭᠠᠨ ᠳᠤ ᠨᠢᠯᠪᠤᠰᠤ ᠨᠢ ᠨᠠᠭᠤᠷ | ᠪᠤᠯᠤᠨ ᠬᠤᠪᠢᠷᠠᠵᠤ᠂ ᠬᠦᠮᠤᠰ ᠳᠡᠬᠦᠨ ᠢ ᠬᠠᠯᠳᠠᠷ ᠨᠠᠭᠤᠷ ᠭᠡᠮᠡᠨ ᠨᠡᠷᠡᠯᠡᠭᠰᠡᠨ ᠭᠡᠳᠡᠭ᠃ | ᠬᠠᠯᠳᠠᠷ ᠨᠠᠭᠤᠷ ᠤᠨ ᠵᠤᠭᠠᠴᠠᠯ ᠤᠨ ᠤᠷᠤᠨ ᠢ 2001 ᠤᠨ ᠤ 7 ᠰᠠᠷ᠎ᠠ ᠳᠤ ᠪᠡᠭᠡᠵᠢᠩ ᠤᠨ ᠵᠢᠤ ᠬᠠᠨ | ᠳᠢᠶᠠᠨ ᠴᠧᠩ ᠵᠤᠭᠠᠴᠠᠯ ᠤᠨ ᠺᠤᠮᠫᠠᠨᠢ ᠪᠡᠯᠡ ᠤᠷᠤᠭᠤᠯᠤᠨ ᠨᠡᠭᠡᠭᠡᠵᠦ᠂ ᠭᠤᠷᠪᠠᠨ ᠵᠢᠯ ᠳᠤ 3000 ᠳᠦᠮᠡᠨ | ᠳᠦᠬᠦᠷᠢᠭ ᠵᠠᠷᠤᠴᠠᠭᠤᠯᠤᠨ ᠪᠦᠳᠤᠭᠡᠨ ᠪᠠᠶᠢᠭᠤᠯᠤᠭᠰᠠᠨ ᠵᠤᠭᠠᠴᠠᠯ ᠤᠨ ᠤᠷᠤᠨ ᠪᠠᠶᠢᠵᠤ᠂ 2006 ᠤᠨ ᠳᠤ | ᠤᠯᠤᠰ ᠤᠨ AAAA ᠳᠠᠰ ᠤᠨ ᠵᠤᠭᠠᠴᠠᠯ ᠤᠨ ᠤᠷᠤᠨ ᠪᠤᠯᠵᠡᠢ᠃ ᠬᠠᠯᠳᠠᠷ ᠨᠠᠭᠤᠷ ᠤᠨ ᠵᠤᠭᠠᠴᠠᠯ ᠤᠨ ᠤᠷᠤᠨ ᠨᠢ | ᠬᠤᠰᠢᠭᠤᠨ ᠳᠦᠪ ᠪᠠᠶᠠᠨᠬᠤᠳᠠ ᠠᠴᠠ 84 ᠺᠢᠯᠤᠮᠧᠲᠷ ᠵᠠᠶᠢᠳᠠᠢ ᠪᠠᠶᠢᠵᠤ᠂ ᠬᠠᠴᠢᠨ ᠭᠠᠶᠢᠬᠠᠯᠳᠠᠢ | ᠦᠵᠡᠮᠵᠢ ᠪᠠᠷ ᠢᠶᠠᠨ ᠳᠤᠳᠤᠭᠠᠳᠤ ᠭᠠᠳᠠᠭᠠᠳᠤ ᠶᠢᠨ ᠵᠤᠭᠠᠴᠠᠭᠰᠠᠳ ᠤᠨ ᠰᠤᠨᠢᠷᠬᠠᠯ ᠢ ᠳᠠᠳᠠᠵᠤ ᠪᠠᠶᠢᠳᠠᠭ᠃ | ᠳᠦᠷᠪᠡᠨ ᠳᠠᠯ᠎ᠠ ᠪᠠᠷ ᠢᠶᠠᠨ ᠡᠯᠠᠰᠤ ᠮᠠᠩᠬᠠᠨ ᠳᠤ ᠬᠦᠷᠢᠶᠡᠯᠡᠭᠳᠡᠭᠰᠡᠨ ᠬᠠᠯᠳᠠᠷ ᠨᠠᠭᠤᠢ ᠶᠢᠨ ᠳᠠᠯᠠᠪᠠᠢ ᠨᠢ 4.5 | ᠳᠡᠭᠰᠢ ᠳᠦᠷᠪᠡᠯᠵᠢᠨ ᠺᠢᠯᠤᠮᠧᠲᠷ᠂ ᠤᠰᠤᠨ ᠤ ᠬᠦᠨ ᠨᠢ 2 — 4 ᠮᠧᠲᠷ ᠪᠠᠶᠢᠵᠤ᠂ ᠨᠤᠮᠢᠨ ᠳᠤᠯᠭᠢᠶᠠᠨ | ᠬᠠᠶᠠᠯᠠᠭᠰᠠᠨ᠂ ᠬᠤᠯᠤᠰᠤ ᠨᠠᠶᠢᠭᠤᠯᠵᠠᠭᠰᠠᠨ᠂ ᠰᠢᠪᠠᠭᠤᠳ ᠴᠢᠯᠤᠭᠡᠳᠡᠢ ᠱᠤᠩᠪᠠᠭᠰᠠᠨ ᠦᠵᠡᠮᠵᠢ ᠶᠢᠨ ᠤᠷᠤᠨ | ᠪᠤᠯᠬᠤ ᠶᠤᠮ᠃ ᠬᠠᠯᠳᠠᠷ ᠨᠠᠭᠤᠷ ᠤᠨ ᠪᠠᠷᠠᠭᠤᠨ ᠬᠤᠶᠢᠳᠤ ᠦᠵᠤᠬᠦᠷ ᠤᠨ ᠳᠤᠮᠳᠠᠭᠢ ᠵᠢᠷᠭᠤᠭᠠᠨ ᠪᠤᠯᠠᠭ ᠨᠢ | ᠬᠦᠮᠤᠰ ᠤᠨ ᠰᠤᠨᠢᠷᠬᠠᠯ ᠢ ᠳᠠᠳᠠᠭᠰᠠᠨ ᠭᠤᠷᠪᠠᠨ ᠭᠠᠶᠢᠬᠠᠮᠰᠢᠭ ᠢ ᠪᠤᠢ ᠪᠤᠯᠭᠠᠭᠰᠠᠨ ᠪᠠᠶᠢᠳᠠᠭ᠃ ᠨᠢᠭᠡᠳᠤᠭᠡᠷ | ᠭᠠᠶᠢᠬᠠᠮᠰᠢᠭ ᠨᠢ ᠨᠠᠭᠤᠷ ᠤᠨ ᠭᠡᠯᠪᠡᠷᠢ ᠨᠢ ᠶᠠᠭ ᠳᠤᠮᠳᠠᠳᠤ ᠤᠯᠤᠰ ᠤᠨ ᠭᠠᠵᠠᠷ ᠤᠨ ᠵᠢᠷᠤᠭ ᠲᠠᠢ ᠠᠳᠠᠯᠢᠬᠠᠨ᠂ | ᠢᠯᠠᠩᠭᠤᠶ᠎ᠠ ᠨᠢᠰᠭᠡᠯ ᠢᠶᠠᠷ ᠤᠭᠳᠠᠷᠭᠤᠢ ᠠᠴᠠ ᠬᠠᠷᠠᠬᠤ ᠳᠤ ᠨᠢᠭᠡᠨ ᠪᠦᠷᠢᠨ ᠪᠦᠳᠤᠨ ᠳᠤᠮᠳᠠᠳᠤ ᠤᠯᠤᠰ ᠤᠨ | ᠭᠠᠵᠠᠷ ᠤᠨ ᠵᠢᠷᠤᠭ ᠨᠢᠳᠤᠨ ᠡᠮᠤᠨ᠎ᠡ ᠴᠢᠨᠢ ᠳᠤᠳᠤᠷᠠᠵᠤ᠂ ᠭᠡᠰᠡᠭ ᠭᠡᠰᠡᠭ ᠬᠤᠯᠤᠰᠤ ᠨᠢ ᠡᠯ᠎ᠡ ᠮᠤᠵᠢ ᠶᠢᠨ ᠵᠠᠭᠠᠭ | ᠰᠢᠭ᠋ ᠬᠠᠷᠠᠭᠳᠠᠨ᠎ᠠ᠃ ᠬᠤᠶᠠᠳᠤᠭᠠᠷ ᠭᠠᠶᠢᠬᠠᠮᠰᠢᠭ ᠨᠢ ᠨᠠᠭᠤᠷ ᠤᠨ ᠤᠰᠤᠨ ᠳᠠᠬᠢ ᠡᠯ᠎ᠡ ᠵᠦᠢᠯ ᠤᠨ ᠡᠯᠧᠮᠧᠨᠲ ᠨᠢ | ᠳᠠᠯᠠᠭᠡᠢ ᠶᠢᠨ ᠪᠠᠶ᠎ᠠ ᠡᠷᠡᠬᠦᠯᠵᠢᠯ ᠤᠨ ᠨᠢᠭᠡᠴᠡ ᠶᠢᠨ ᠰᠤᠩᠭᠤᠨ ᠳᠠᠨᠢᠯᠴᠠᠭᠤᠯᠤᠭᠰᠠᠨ ᠡᠮᠳᠤ ᠤᠭᠢᠶᠠᠯ ᠤᠨ ᠵᠤᠷ ᠲᠠᠢ | ᠦᠨᠳᠤᠰᠤᠨ ᠳᠤ ᠪᠠᠨ ᠠᠳᠠᠯᠢᠪᠳᠤᠷ ᠪᠠᠶᠢᠵᠤ᠂ ᠪᠠᠶᠢᠭᠠᠯᠢᠯᠢᠭ ᠡᠮᠳᠤ ᠤᠭᠢᠶᠠᠯᠭ᠎ᠠ ᠶᠢᠨ ᠵᠤᠷ ᠪᠤᠯᠤᠨ᠎ᠠ᠃ | ᠭᠤᠷᠪᠠᠳᠤᠭᠠᠷ ᠭᠠᠶᠢᠬᠠᠮᠰᠢᠭ ᠨᠢ ᠳᠡᠬᠦᠨ ᠤᠳᠠᠭᠠᠨ ᠵᠢᠯ ᠤᠨ ᠬᠠᠷ᠎ᠠ ᠡᠯᠡᠰᠤᠨ ᠳᠠᠩ ᠤᠨ ᠴᠢᠨᠠᠷ ᠨᠢ ᠦᠬᠦᠮᠡᠯ | ᠳᠠᠯᠠᠢ ᠶᠢᠨ ᠯᠠᠭ ᠰᠢᠪᠠᠷ ᠠᠴᠠ ᠬᠤᠯᠠ ᠳᠠᠪᠠᠭᠤ ᠪᠠᠶᠢᠵᠤ᠂ ᠪᠠᠶᠢᠭᠠᠯᠢ ᠶᠢᠨ ᠰᠢᠪᠠᠷ ᠡᠮᠨᠡᠯᠭᠡ ᠶᠢᠨ ᠬᠤᠪᠤᠷ ᠡᠳ᠋ ᠪᠤᠯᠵᠤ | ᠡᠷᠡᠬᠦᠯᠵᠢᠯ ᠤᠨ ᠦᠢᠯᠡᠳᠤᠯ ᠲᠠᠢ ᠮᠦᠷᠳᠡᠭᠡᠨ ᠵᠠᠰᠠᠯ ᠴᠢᠮᠡᠭᠯᠡᠯ ᠤᠨ ᠦᠢᠯᠡᠳᠤᠯ ᠲᠠᠢ ᠪᠠᠶᠢᠳᠠᠭ᠃ ᠡᠬᠦᠨ ᠠᠴᠠ | ᠭᠠᠳᠠᠨ᠎ᠠ ᠬᠠᠯᠳᠠᠷ ᠨᠠᠭᠤᠷ ᠤᠨ ᠤᠰᠤᠨ ᠤ ᠬᠠᠭᠠᠰ ᠨᠢ ᠱᠤᠷᠪᠤᠭ ᠬᠠᠭᠠᠰ ᠨᠢ ᠴᠡᠩᠭᠡᠭ ᠪᠠᠶᠢᠳᠠᠭ ᠨᠢ ᠴᠤ | ᠭᠠᠶᠢᠬᠠᠯᠳᠠᠢ ᠶᠤᠮ᠃ ᠤᠳᠤ ᠨᠠᠭᠤᠷ ᠤᠨ ᠬᠦᠪᠡᠭᠡ ᠪᠠᠷ ᠭᠡᠭᠡᠨᠴᠢᠷ ᠭᠤᠶᠤᠮᠰᠤᠭ ᠮᠤᠩᠭᠤᠯ ᠭᠡᠷ᠂ ᠤᠷᠤᠰ ᠮᠠᠶ᠋ᠢᠭ ᠤᠨ | ᠠᠮᠠᠷᠠᠯᠳᠠ ᠶᠢᠨ ᠭᠠᠵᠠᠷ᠂ ᠵᠤᠴᠢᠳ ᠤᠨ ᠪᠠᠭᠤᠳᠠᠯ᠂ ᠦᠪᠡᠷᠮᠢᠴᠠ ᠤᠨᠴᠠᠯᠢᠭ ᠪᠦᠬᠦᠢ ᠵᠤᠭ᠎ᠠ ᠴᠡᠩᠭᠡᠭᠡᠨ ᠤ ᠭᠠᠵᠠᠷ | ᠢᠵᠢ ᠪᠦᠷᠢᠳᠤᠨ᠂ ᠦᠢᠯᠡᠴᠢᠯᠡᠭᠡᠨ ᠤ ᠴᠢᠳᠠᠪᠤᠷᠢ ᠳᠡᠬᠦᠯᠳᠡᠷᠵᠢᠵᠤ᠂ ᠮᠠᠰᠢᠨ ᠳᠡᠷᠭᠡ ᠪᠤᠶᠤ ᠮᠤᠲ᠋ᠤᠷ ᠢᠶᠠᠷ ᠡᠯᠡᠰᠤ | ᠳᠤᠭᠤᠯᠬᠤ ᠪᠠᠷᠳᠠᠭ᠎ᠠ ᠰᠠᠳᠠᠯᠳᠠ ᠤᠯᠬᠤ᠂ ᠡᠯᠡᠰᠤᠨ ᠤ ᠤᠷᠭᠤᠮᠠᠯ ᠰᠤᠨᠢᠷᠬᠠᠬᠤ᠂ ᠡᠯᠡᠰᠤᠨ ᠤᠭᠢᠶᠠᠯᠭ᠎ᠠ ᠭᠢᠬᠦ᠂ | ᠮᠤᠩᠭᠤᠯ ᠦᠨᠳᠤᠰᠤᠳᠡᠨ ᠤ ᠵᠠᠩ ᠠᠭᠠᠯᠢ ᠶᠢ ᠦᠢᠯᠠᠭᠠᠬᠤ᠂ ᠳᠡᠮᠡᠭᠡ ᠮᠤᠷᠢ ᠤᠨᠤᠬᠤ ᠡᠯᠡᠰᠤᠨ ᠳᠤ ᠠᠶᠠᠯᠠᠬᠤ᠂ | ᠦᠨᠳᠤᠰᠤᠳᠡᠨ ᠤ ᠢᠳᠡᠭᠡᠨ ᠤᠮᠳᠠᠭᠠᠨ ᠢ ᠠᠮᠳᠠᠯᠠᠬᠤ ᠵᠡᠷᠭᠡ ᠳᠦᠷᠤᠯ ᠵᠦᠢᠯ ᠠᠷᠪᠢᠨ ᠵᠤᠭᠠᠴᠠᠵᠤ ᠨᠠᠭᠠᠳᠬᠤ | ᠠᠭᠤᠯᠭ᠎ᠠ ᠪᠠᠶᠢᠵᠤ᠂ ᠡᠳᠤᠭᠡ ᠦᠪᠤᠷ ᠮᠤᠩᠭᠤᠯ ᠤᠨ ᠪᠠᠷᠠᠭᠤᠨ ᠬᠤᠶᠢᠳᠤ ᠳᠠᠬᠢ ᠬᠠᠮᠤᠭ ᠤᠨ ᠳᠤᠪᠤᠶᠢᠮ᠎ᠠ ᠤᠨᠴᠠᠯᠢᠭ | ᠲᠠᠢ᠂ ᠳᠠᠳᠠᠬᠤ ᠬᠦᠴᠤᠨ ᠢᠶᠠᠷ ᠴᠢᠩᠭ᠎ᠠ ᠡᠯᠡᠰᠤ ᠮᠠᠩᠬᠠᠨ ᠤ ᠪᠠᠷᠳᠠᠭᠠᠳᠤ ᠠᠶᠠᠯᠠᠯ ᠵᠤᠭᠠᠴᠠᠯ ᠤᠨ ᠰᠠᠭᠤᠷᠢᠨ ᠭᠠᠵᠠᠷ | ᠪᠤᠯᠵᠡᠢ᠃ | | | | | | | | | | | | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |