| | ᠨᠢᠭᠡ ᠳᠤ᠂ ᠤᠨᠤᠬᠤ ᠵᠢᠷᠤᠭ᠎ᠠ ᠮᠤᠷᠢ ᠪᠠᠨ ︽ᠲᠠᠪᠤ ᠶᠢᠰᠤ︾ ᠶᠢᠨ ᠭᠦᠢᠳᠠᠨ ᠳᠤ ᠤᠶᠠᠵᠤ ᠰᠦᠢᠬᠤ ᠴᠠᠭ | ᠳᠤᠭᠢᠶᠠᠯ ᠢ ᠳᠤᠭᠢᠷᠠᠮᠵᠢᠳᠠᠢ ᠭᠢᠵᠤ ᠴᠢᠳᠠᠪᠠᠯ ᠨᠢᠭᠡ ᠶᠢᠰᠤ ᠶᠢᠨ ᠤᠶᠠᠬᠤ ᠰᠦᠢᠬᠤ ᠨᠢ ᠲᠠᠷᠤᠢ ᠨᠢᠭᠡ ᠰᠠᠭᠤᠯᠠᠭ᠎ᠠ | ᠪᠤᠷᠤ ᠪᠤᠷᠴᠠᠭ ᠢ ᠲᠠᠵᠢᠭᠡᠭᠰᠡᠨ ᠲᠠᠢ ᠲᠠᠩᠴᠡᠨᠠ ᠭᠡᠳᠡᠭ ᠶᠤᠮ᠃ ᠤᠶᠠᠵᠤ ᠰᠦᠢᠬᠤ ᠶᠢ ᠰᠠᠶᠢᠨ ᠳᠤᠭᠢᠷᠠᠭᠤᠯᠤᠭᠰᠠᠨ | ᠮᠤᠷᠢ ᠤᠨᠤᠭ᠎ᠠ ᠪᠤᠯ ᠲᠠᠷᠠᠭ᠎ᠠ ᠬᠠᠪᠤᠷ ᠲᠤ ᠪᠠᠨ ᠡᠪᠡᠳᠴᠢᠨ ᠭᠢᠵᠢᠭ ᠲᠤ ᠠᠮᠠᠷᠬᠠᠨ ᠨᠡᠷᠪᠡᠭᠳᠡᠭᠦ ᠦᠭᠡᠢ᠃ ᠭᠦᠴᠤ | ᠲᠠᠷᠭᠤ ᠠᠪᠬᠤ ᠨᠢ ᠤᠨᠴᠠ ᠰᠠᠶᠢᠨ ᠪᠠᠶᠢᠵᠤ᠂ ᠤᠨᠤᠵᠤ ᠵᠠᠷᠤᠬᠤ ᠳᠤ ᠲᠠᠶᠢᠮᠤ ᠠᠮᠠᠷᠬᠠᠨ ᠭᠦᠴᠤ ᠲᠠᠷᠭᠤ ᠠᠯᠳᠠᠬᠤ | ᠦᠭᠡᠢ᠃ ᠬᠤᠯᠠ ᠶᠢᠨ ᠵᠠᠮ ᠳᠤ ᠤᠨᠤᠵᠤ ᠠᠶᠠᠯᠠᠬᠤ ᠪᠤᠶᠤ ᠭᠦᠨᠳᠤ ᠪᠠᠷᠠᠭ᠎ᠠ ᠲᠠᠸᠠᠷ ᠢ ᠠᠴᠢᠵᠤ ᠲᠠᠭᠡᠭᠡᠪᠤᠷᠢᠯᠠᠭᠦ ᠳᠤ | ᠤᠨᠴᠠ ᠲᠠᠭᠡᠭᠡᠪᠤᠷᠢ ᠲᠠᠭᠠᠭᠠᠴᠡᠳᠠᠢ ᠪᠠᠶᠢᠳᠠᠭ ᠶᠤᠮ᠃ | ᠬᠤᠶᠠᠷ ᠲᠤ᠂ ᠮᠤᠷᠢ ᠶᠢ ᠤᠶᠠᠵᠤ ᠰᠦᠢᠬᠤ ᠤᠯᠠᠮᠵᠢᠯᠠᠯᠳᠤ ᠵᠠᠩ ᠦᠢᠯᠠ ᠶᠢ ᠦᠨᠳᠤᠰᠤᠯᠠᠪᠠᠯ ᠨᠢᠭᠡ ᠶᠢᠰᠤ ᠶᠢ ᠪᠤᠯ | ᠶᠢᠰᠤᠨ ᠬᠤᠨᠤᠭ ᠢ ᠨᠢᠭᠡ ᠶᠢᠰᠤ ᠪᠠᠷ ᠪᠤᠳᠤᠵᠤ᠂ ᠲᠠᠪᠤᠨ ᠶᠢᠰᠤ ᠶᠢ ᠪᠤᠯ ᠲᠦᠴᠢᠨ ᠲᠠᠪᠤ ᠬᠤᠨᠤᠭ ᠢᠶᠠᠷ ᠪᠤᠳᠤᠳᠠᠭ | ᠮᠤᠩᠭᠤᠯ ᠤᠨ ᠪᠤᠳᠤᠬᠤ ᠵᠡᠩ ᠦᠢᠯᠠ ᠶᠢᠨ ᠠᠷᠭ᠎ᠠ ᠮᠦᠨ ᠪᠦᠭᠡᠳ ᠶᠢᠰᠤ ᠪᠤᠯᠭᠠᠨ ᠳᠤ 5 — 8 ᠬᠤᠨᠤᠭ ︵ | ᠤᠳᠠᠭ᠎ᠠ︶ ᠤᠶᠠᠵᠤ ᠰᠦᠢᠬᠤ ᠶᠢ ᠠᠮᠢᠳᠤᠯᠢᠭ ᠢᠶᠠᠷ ᠲᠤᠭᠢᠷᠠᠮᠵᠢᠳᠠᠢ ᠪᠠᠷ ᠪᠠᠷᠢᠮᠳᠠᠯᠠᠵᠤ ᠭᠢᠪᠠᠯ ᠮᠠᠰᠢ ᠰᠠᠶᠢᠨ | ᠪᠠᠶᠢᠳᠠᠭ ᠶᠤᠮ᠃ | ᠭᠤᠷᠪᠠ ᠳᠤ᠂ ᠮᠤᠷᠢ ᠪᠠᠨ ᠤᠶᠠᠵᠤ ᠰᠦᠢᠬᠤ ᠳᠤ ᠵᠠᠪᠠᠯ ᠲᠡᠭᠷᠢ ᠶᠢᠨ ᠠᠭᠤᠷ ᠠᠮᠢᠰᠬᠤᠯ ᠤᠨ ᠬᠤᠪᠢᠷᠠᠯᠳᠠ ᠲᠠᠢ | ᠪᠤᠯᠬᠤ ᠡᠰᠡᠭᠦ ᠶᠢ ᠡᠷᠭᠡᠪᠰᠢ ᠤᠷᠢᠳᠴᠢᠯᠠᠨ ᠵᠢᠰᠢᠵᠤ ᠵᠦᠪ ᠤᠨᠤᠪᠴᠢᠳᠠᠢ ᠵᠢᠰᠢᠨ ᠮᠡᠳᠡᠭᠰᠡᠨ ᠤ ᠰᠠᠭᠤᠷᠢᠨ ᠲᠠᠭᠡᠷ᠎ᠠ | ᠤᠨᠤᠬᠤ ᠮᠤᠷᠢ ᠤᠨᠤᠭ᠎ᠠ ᠪᠠᠨ ᠤᠶᠠᠵᠤ ᠰᠦᠢᠬᠤ ᠳᠤᠭᠢᠷᠠᠭᠰᠠᠨ ᠴᠠᠭ ᠠᠭᠤᠷ ᠪᠠ ᠭᠠᠵᠠᠷ ᠤᠷᠤᠨ ᠢ ᠵᠦᠪ | ᠰᠤᠩᠭᠤᠵᠤ ᠮᠤᠩᠭᠤᠯ ᠤᠨ ᠵᠠᠩ ᠦᠢᠯᠠ ᠶᠢᠨ ᠶᠤᠰᠤᠭᠠᠷ ᠶᠤᠰᠤᠴᠢᠯᠠᠨ ᠭᠢᠪᠡᠯ ᠵᠤᠭᠢᠨ᠎ᠠ᠃ | ᠲᠦᠷᠪᠠ ᠳᠤ᠂ ᠮᠤᠷᠢ ᠪᠠᠨ ᠤᠶᠠᠵᠤ ᠰᠦᠢᠬᠤ ᠳᠤ ᠪᠠᠨ ᠵᠠᠪᠠᠯ ᠡᠳᠤᠷ ᠤᠨ ᠨᠠᠷᠠᠨ ᠰᠢᠩᠭᠡᠵᠤ᠂ ᠤᠭᠳᠠᠷᠭᠤᠢ | ᠲᠡᠭᠷᠢ ᠳᠤ ᠤᠳᠤ ᠰᠠᠷ᠎ᠠ ᠳᠤᠳᠤ ᠬᠠᠷᠠᠭᠳᠠᠭᠰᠠᠨ ᠳᠤᠩᠭᠠᠯᠠᠭ ᠰᠠᠶᠢᠬᠠᠨ ᠰᠦᠨᠢ ᠪᠠᠶᠢᠵᠤ᠂ ᠬᠤᠶᠢᠳᠤ ᠵᠦᠭ ᠠᠴᠠ | ᠪᠠᠭ᠎ᠠ ᠵᠡᠷᠭᠡ ᠶᠢᠨ ᠰᠠᠯᠭᠢ ᠲᠠᠢ ᠭᠦᠢᠳᠠᠨ ᠰᠦᠨᠢ᠂ ᠮᠤᠷᠢ ᠪᠠᠨ ᠪᠠᠭ᠎ᠠ ᠭᠦᠯᠦᠰᠤ ᠭᠠᠷᠭᠠᠵᠤ᠂ ᠡᠮᠡᠭᠡᠯ ᠪᠠ ᠤᠯᠤᠩ | ᠲᠠᠳᠠᠭᠠᠰᠤ ᠶᠢ ᠰᠠᠶᠢᠳᠤᠷ ᠴᠢᠩᠭᠠᠯᠠᠨ᠂ ᠬᠠᠵᠠᠭᠠᠷ ᠨᠤᠭᠳᠤ ᠶᠢ ᠳᠤᠭᠢᠷᠠᠮᠵᠢᠳᠠᠢ ᠰᠠᠶᠢᠨ ᠪᠠᠭᠠᠨ᠎ᠠ ᠠᠴᠠ ᠤᠶᠠᠵᠤ | ᠡᠮᠡᠭᠡᠯ ᠤᠨ ᠪᠦᠭᠦᠷᠢᠭ ᠲᠠᠢ ᠬᠤᠯᠪᠤᠨ ᠮᠤᠷᠢᠨ ᠤ ᠳᠤᠯᠤᠭᠠᠢ ᠶᠢ ᠲᠡᠭᠰᠢ ᠪᠤᠯᠭᠠᠨ ᠲᠦᠪ ᠵᠤᠭᠰᠤᠭᠠᠨ ᠰᠦᠢᠬᠤ | ᠪᠤᠯᠤᠨ᠎ᠠ᠃ | ᠲᠠᠪᠤ ᠳᠤ᠂ ᠲᠠᠷᠠᠭ᠎ᠠ ᠡᠳᠤᠷ ᠤᠨ ᠦᠷᠯᠤᠭᠡ ᠡᠷᠳᠡ 4 — 5 ᠴᠠᠭ ᠤᠨ ᠦᠶᠡᠰ ᠢᠶᠠᠷ ᠰᠦᠢᠬᠰᠡᠨ ᠮᠤᠷᠢ | ᠤᠨᠤᠭ᠎ᠠ ᠪᠠᠨ ᠭᠦᠳᠤᠯᠤᠨ ᠪᠠᠶ᠎ᠠ ᠪᠠᠨ ᠳᠤᠭᠤᠷᠢᠭᠤᠯᠤᠨ ᠠᠭᠠᠵᠢᠮ ᠠᠭᠠᠵᠢᠮ ᠢᠶᠠᠷ ᠠᠯᠬᠤᠭᠤᠯᠤᠨ ᠶᠠᠪᠤᠭᠤᠯᠵᠤ᠂ | ᠦᠷᠯᠤᠭᠡ ᠶᠢᠨ ᠨᠠᠷᠠ ᠭᠠᠷᠤᠭᠰᠠᠨ ᠬᠤᠶᠢᠨ᠎ᠠ ᠮᠤᠷᠢ ᠪᠠᠨ ᠪᠠᠭ᠎ᠠ ᠤᠰᠤᠯᠠᠭᠰᠠᠨ ᠤ ᠲᠠᠷᠠᠭ᠎ᠠ ᠪᠤᠷᠳᠤᠵᠤ ᠲᠠᠵᠢᠭᠡᠭᠦ | ᠪᠤᠯᠤᠨ᠎ᠠ᠃ | ᠵᠢᠷᠭᠤᠭ᠎ᠠ ᠳᠤ᠂ ︽ᠲᠠᠪᠤ ᠶᠢᠰᠤ︾ ᠶᠢᠨ ᠮᠤᠷᠢ ᠤᠨᠤᠭ᠎ᠠ ᠪᠠᠨ ᠰᠦᠢᠬᠤ ᠬᠤᠨᠤᠭ ᠢ 25 — 30 ᠬᠤᠨᠤᠭ | ᠦᠷᠭᠦᠯᠵᠢᠯᠠᠨ ᠤᠶᠠᠵᠤ ᠰᠦᠢᠪᠠᠯ ᠦᠨᠳᠤᠰᠤᠨ ᠳᠤ ᠪᠠᠨ ᠪᠤᠯᠴᠢᠬᠠᠬᠤ ᠶᠤᠮ᠃ | ᠳᠤᠯᠤᠭ᠎ᠠ ᠳᠤ᠂ ᠮᠤᠩᠭᠤᠯᠴᠤᠳ ᠮᠤᠷᠢ ᠤᠨᠤᠭ᠎ᠠ ᠪᠠᠨ ︽ᠲᠠᠪᠤ ᠶᠢᠰᠤ︾ ᠶᠢᠨ ᠤᠶᠠᠬᠤ ᠰᠦᠢᠯᠠᠭ᠎ᠠ ᠶᠢ | ᠦᠡᠭᠭᠡᠷᠡᠭᠡᠭᠰᠡᠨ ᠮᠤᠷᠢ ᠪᠤᠯ ᠦᠡᠭᠭᠡ ᠵᠢᠰᠤ ᠨᠢ ᠤᠨᠴᠠ ᠰᠠᠶᠢᠨ ᠪᠦᠭᠡᠳ ᠳᠤᠳᠤᠷ ᠤᠨ ᠬᠠᠯᠠᠭᠤᠨ ᠨᠢ ︵ᠭᠡᠮ︶ | ᠠᠷᠢᠯᠵᠤ᠂ ᠲᠠᠯᠢᠭᠦᠤ ᠬᠤᠳᠤᠭᠤᠳᠤᠨ ᠤ ᠰᠢᠩᠭᠡᠭᠡᠯᠳᠠ ᠶᠢᠨ ᠴᠢᠳᠠᠪᠤᠷᠢ ᠨᠢ ᠰᠠᠶᠢᠵᠢᠷᠠᠵᠤ᠂ ᠡᠪᠡᠳᠴᠢᠨ ᠭᠢᠵᠢᠭ ᠢ | ᠡᠰᠡᠷᠭᠦᠴᠡᠭᠦ ᠴᠢᠳᠠᠪᠤᠷᠢ ᠨᠢ ᠲᠠᠭᠡᠭᠰᠢᠯᠠᠵᠤ᠂ ᠲᠠᠮᠢᠷ ᠭᠦᠴᠤ ᠨᠢ ᠨᠡᠮᠡᠭᠳᠡᠵᠤ᠂ ᠪᠠᠶ᠎ᠠ ᠨᠢ ᠤᠨᠴᠠ ᠴᠢᠭᠢᠷᠠᠭᠵᠢᠬᠤ ᠪᠠ | ᠲᠠᠷᠠᠭ᠎ᠠ ᠵᠤᠨ ᠨᠠᠮᠤᠷ ᠲᠤ ᠪᠠᠨ ᠭᠦᠴᠤ ᠲᠠᠷᠭᠤ ᠠᠪᠬᠤ ᠳᠤ ᠤᠨᠴᠠ ᠰᠠᠶᠢᠨ ᠪᠠᠶᠢᠳᠠᠭ᠃ | ᠡᠶᠢᠮᠤ ᠠᠴᠠ ᠲᠠᠪᠤ ᠶᠢᠰᠤ ᠶᠢᠨ ᠭᠦᠢᠳᠠᠨ ᠤ ᠠᠭᠤᠷ ᠠᠮᠢᠰᠬᠤᠯ ᠳᠤ ᠵᠠᠷᠢᠮ ᠬᠠᠰᠢᠷ ᠠᠳᠤᠭᠤᠴᠢᠨ ᠦᠪᠠᠷ ᠤᠨ ᠮᠤᠷᠢ | ᠤᠨᠤᠭ᠎ᠠ ᠪᠠᠨ ᠲᠠᠭᠡᠷᠡᠭᠢ ᠮᠠᠳᠤ ᠪᠠᠷ ᠤᠶᠠᠵᠤ ᠰᠦᠢᠬᠤ ᠵᠠᠩ ᠦᠢᠯᠠ ᠶᠢ ᠪᠠᠷᠢᠮᠳᠠᠯᠠᠵᠤ ᠴᠢᠳᠠᠭᠰᠠᠨ ᠢᠶᠠᠷ | ᠠᠳᠤᠭᠤᠨ ᠤ ᠦᠰᠤᠯᠳᠠ ᠪᠤᠶᠢᠵᠢᠯᠳᠠ ᠳᠤ ᠤᠨᠴᠠ ᠰᠠᠶᠢᠨ ᠦᠢᠯᠡᠳᠤᠯ ᠲᠠᠢ ᠪᠠᠶᠢᠳᠠᠭ᠃ |