ᠮᠤᠷᠢ ᠶᠢ ᠨᠠᠰᠤ ᠵᠢᠯ ᠢᠶᠠᠷ ᠨᠢ ᠢᠯᠭᠠᠨ ᠨᠡᠷᠡᠯᠡᠬᠦ
ᠨᠡᠶᠢᠲᠡᠯᠡᠭᠰᠡᠨ ᠴᠠᠭ᠄
2018/12/3
ᠮᠤᠷᠢ ᠶᠢ ᠨᠠᠰᠤ ᠰᠢᠳᠤ ᠪᠠᠷ ᠨᠢ ᠢᠯᠭᠠᠨ ᠨᠡᠷᠡᠯᠡᠬᠦ ᠬᠡᠳᠡᠭ ᠨᠢ ᠮᠤᠷᠢᠨ ᠤ ᠨᠠᠰᠤᠨ ᠤ ᠲᠤᠭ᠎ᠠ ᠪᠠᠷ ᠨᠡᠷᠡᠯᠡᠬᠦ ᠶᠢ ᠬᠡᠯᠡᠵᠦ ᠪᠠᠶᠢᠨ᠎ᠠ᠃ ᠡᠬᠦᠨ ᠳᠤ ᠰᠢᠳᠤᠨ ᠤ ᠬᠢᠨᠢ ᠬᠡ ᠶᠢ ᠦᠵᠡᠵᠦ ᠬᠡᠳᠦᠨ ᠨᠠᠰᠤᠨ ᠤ ᠮᠤᠷᠢ ᠪᠤᠯᠬᠤ ᠶᠢ ᠲᠤᠭᠳᠠᠭᠠᠨ᠎ᠠ᠃ᠲᠦᠯ — ᠰᠠᠶ᠋ᠢ ᠭᠠᠷᠤᠭᠰᠠᠨ ᠨᠢᠯᠬ᠎ᠠ ᠤᠨᠠᠭ᠎ᠠᠤᠨᠠᠭ᠎ᠠ — ᠨᠢᠬᠡ ᠨᠠᠰᠤᠳᠠᠢ ᠠᠳᠤᠭᠤ᠃ᠤᠤᠭᠠᠨ ᠤᠨᠠᠭ᠎ᠠ — ᠬᠠᠮᠤᠭ ᠲᠦᠷᠦᠬᠦᠦ ᠭᠠᠷᠤᠭᠰᠠᠨ ᠤᠨᠠᠭ᠎ᠠᠬᠡᠨᠵᠡ ᠤᠨᠠᠭ᠎ᠠ — ᠨᠠᠮᠤᠷᠰᠢᠵᠦ ᠭᠠᠷᠤᠭᠰᠠᠨ ᠤᠨᠠᠭ᠎ᠠᠬᠦᠬᠡᠢ ᠤᠨᠠᠬ᠎ᠠ — ᠨᠡᠯᠢᠶᠡᠳ ᠤᠷᠤᠢ ᠡᠪᠦᠯ ᠭᠠᠷᠤᠭᠰᠠᠨ ᠤᠨᠠᠭ᠎ᠠᠲᠠᠬᠤᠯᠠᠢ ᠤᠨᠠᠭ᠎ᠠ — — ᠬᠠᠪᠤᠷ ᠡᠷᠳᠡ ᠭᠠᠷᠤᠭᠰᠠᠨ ᠤᠨᠠᠭ᠎ᠠᠬᠠᠪᠴᠢ ︵ᠬᠠᠪᠴᠢᠭ︶ ᠤᠨᠠᠭ᠎ᠠ — ᠵᠢᠯ ᠤᠨ ᠵᠠᠪᠰᠠᠷ ᠭᠠᠷᠤᠭᠰᠠᠨ ᠤᠨᠠᠭ᠎ᠠ᠂ ᠵᠢᠯ ᠤᠨ ᠡᠴᠦᠰ ᠰᠠᠷ᠎ᠠ ᠭᠠᠷᠤᠭᠰᠠᠨ ᠤᠨᠠᠭ᠎ᠠ᠃ᠰᠠᠷᠪᠠ — — ᠡᠪᠦᠯ ᠤᠨ ᠡᠬᠢ ᠠᠴᠠ ᠲᠠᠷᠠᠭ᠎ᠠ ᠵᠢᠯ ᠤᠨ ᠬᠠᠪᠤᠷ ᠤᠨ ᠰᠡᠬᠦᠯᠴᠢ ᠪᠤᠯᠳᠠᠯ᠎ᠠ ᠭᠠᠷᠤᠭᠰᠠᠨ ᠤᠨᠠᠭ᠎ᠠ᠂ ᠪᠠᠰᠠ ᠵᠢᠯ ᠤᠨ ᠤᠢ ᠪᠤᠯᠤᠭᠠᠳᠤᠢ ᠤᠨᠠᠭ᠎ᠠ ᠶᠢ ᠰᠠᠷᠪᠠ ᠬᠡᠳᠡᠭ᠃ᠲᠠᠭ᠎ᠠ — — ᠬᠤᠶᠠᠷ ᠨᠠᠰᠤᠳᠠᠢ ᠮᠤᠷᠢᠨᠤᠭᠤᠭᠠᠨ ᠤ ᠲᠠᠭ᠎ᠠ — — ᠲᠠᠷᠠᠭ᠎ᠠ ᠬᠠᠪᠤᠷ ᠨᠢ ᠨᠤᠭᠤᠭᠠᠨ ᠳᠤ ᠴᠠᠳᠬᠤ ᠲᠠᠭ᠎ᠠ᠃ᠬᠦᠬᠡ ᠰᠤᠶᠤᠭ᠎ᠠ — — ᠪᠠᠰᠠ ᠰᠤᠶᠤᠭ᠎ᠠ ᠰᠤᠩᠭᠤᠬᠤ ᠬᠡᠳᠡᠭ᠃ ᠬᠦᠢᠴᠡᠬᠦ ᠨᠠᠰᠤᠨ ᠤ ᠮᠤᠷᠢ ᠶᠢ ᠬᠡᠯᠡᠨ᠎ᠡ᠃ ᠵᠢᠷᠭᠤᠭᠠᠨ ᠨᠠᠰᠤᠳᠠᠢ ᠠᠳᠤᠭᠤ ᠲᠡᠮᠡᠬᠡᠨ ᠶᠢ ᠮᠦᠨ ᠬᠡᠯᠡᠨ᠎ᠡ᠃ ᠠᠳᠤᠭᠤ ᠲᠡᠮᠡᠭᠡ ᠡᠨᠡ ᠨᠠᠰᠤᠨ ᠳᠤ ᠬᠦᠷᠪᠡᠯ ᠰᠤᠶᠤᠭ᠎ᠠ ᠨᠢ ᠬᠦᠢᠴᠡᠳ ᠤᠷᠭᠤᠵᠤ᠂ ᠬᠤᠶᠢᠰᠢᠳᠠ ᠶᠠᠰᠤᠨ ᠤ ᠦᠰᠦᠯᠳᠡ ᠶᠢᠨ ᠲᠡᠭᠦᠰᠬᠡᠯ ᠪᠤᠯᠤᠨ᠎ᠠ᠃ ᠡᠶᠢᠨ ᠬᠦ ᠰᠤᠶᠤᠭ᠎ᠠ ᠰᠤᠩᠭᠠᠯ᠎ᠠ ᠬᠡᠭᠰᠡᠬᠡᠷ ᠶᠠᠰᠤ ᠬᠦᠢᠴᠡᠳ ᠤᠷᠭᠤᠵᠤ ᠬᠦᠢᠴᠡᠯ᠎ᠡ ᠬᠡᠰᠡᠨ ᠦᠬᠡ᠃ᠰᠢᠳᠦᠯᠡᠩ — ᠭᠤᠷᠪᠠᠨ ᠨᠠᠰᠤᠳᠠᠢ ᠠᠳᠤᠭᠤᠬᠢᠵᠠᠯᠠᠩ — — ᠲᠦᠷᠪᠡᠨ ᠨᠠᠰᠤᠳᠠᠢ ᠠᠳᠤᠭᠤᠰᠤᠶᠤᠯᠠᠩ — ᠲᠠᠪᠤᠨ ᠨᠠᠰᠤᠳᠠᠢ ᠠᠳᠤᠭᠤᠮᠤᠷᠢ — — ᠠᠳᠤᠭᠤᠨ ᠤ ᠶᠡᠷᠦᠩᠬᠡᠢ ᠨᠡᠷᠡᠶᠢᠳᠦᠯᠠᠳᠤᠭᠤ — — ᠤᠯᠠᠨ ᠮᠤᠷᠢᠨ ᠤ ᠶᠠᠷᠦᠩᠬᠡᠢ ᠨᠡᠷᠡᠶᠢᠳᠤᠯ᠂ ᠮᠤᠷᠢ 5 ᠨᠠᠰᠤᠯᠠᠪᠠᠯ ᠬᠡᠳᠦᠨ ᠨᠠᠰᠤᠨ ᠤ ᠮᠤᠷᠢ ᠪᠤᠶᠤ ᠠᠭᠳᠠ᠂ ᠪᠦᠳᠦᠬᠦᠨ ᠮᠤᠷᠢ ᠬᠡᠮᠡᠨ ᠶᠡᠷᠦᠩᠬᠡᠶᠢᠯᠡᠨ ᠲᠠᠭᠤᠳᠠᠨ᠎ᠠ᠃ᠡᠰᠡᠪᠡᠯ ᠬᠦᠢᠰᠦ ᠴᠢᠨᠠᠷ ᠢᠶᠠᠷ ᠨᠢ ᠬᠡᠬᠦᠦ᠂ ᠡᠷ᠎ᠡ ᠮᠤᠷᠢ᠂ ᠠᠵᠢᠷᠭ᠎ᠠ᠂ ᠪᠦᠳᠦᠬᠦᠨ ᠠᠵᠢᠷᠭ᠎ᠠ᠂ ᠪᠦᠳᠦᠬᠦᠨ ᠬᠡᠬᠦᠦ᠂ … ᠬᠡᠬᠦ ᠮᠡᠳᠦ ᠪᠠᠷ ᠢᠯᠭᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号