ᠠᠳᠤᠭᠤᠨ ᠳᠤ ᠬᠤᠯᠪᠤᠭᠳᠠᠭᠰᠠᠨ ᠴᠡᠬᠡᠷ ᠶᠤᠰᠤᠨ
ᠨᠡᠶᠢᠲᠡᠯᠡᠭᠰᠡᠨ ᠴᠠᠭ᠄
2018/12/3
ᠪᠤᠷᠤᠭᠤ ᠲᠠᠯ᠎ᠠ ᠳᠤ ᠨᠢ ᠲᠠᠮᠠᠭᠠᠯᠠᠳᠠᠭ ᠦᠬᠡᠢ᠂ ᠪᠤᠷᠤᠭᠤ ᠲᠠᠯ᠎ᠠ ᠳᠠᠭᠠᠨ ᠲᠠᠮᠠᠭ᠎ᠠ ᠲᠠᠢ ᠪᠤᠯ ᠪᠠᠷᠠᠭᠳᠠᠵᠤ ᠶᠠᠳᠠᠭᠤᠷᠠᠬᠤ ᠶᠢᠨ ᠲᠡᠮᠳᠡᠭ ᠬᠡᠳᠡᠭ᠃ᠠᠳᠤᠭᠤᠨ ᠤ ᠲᠠᠮᠠᠭ᠎ᠠ ᠪᠠᠨ ᠭᠠᠳᠠᠨ ᠠᠳᠡ ᠲᠡᠨᠳᠡ ᠬᠠᠶᠠᠳᠠᠭ ᠦᠬᠡᠢ᠂ ᠵᠠᠪᠠᠯ ᠬᠡᠷ ᠲᠡᠭᠡᠨ ᠤᠷᠤᠭᠤᠯᠵᠤ᠂ ᠬᠡᠷ ᠤᠨ ᠎ ᠢᠶᠠᠨ ᠬᠤᠶᠢᠳᠤ ᠲᠠᠯ᠎ᠠ ᠶᠢᠨ ᠤᠨᠢᠨ ᠳᠠᠭᠠᠨ ᠬᠠᠳᠠᠭ ᠢᠶᠠᠷ ᠤᠷᠢᠶᠠᠨ ᠬᠠᠪᠴᠢᠭᠤᠯᠤᠨ᠎ᠠ᠃ᠠᠳᠤᠭᠤ ᠲᠠᠮᠠᠭᠠᠯᠠᠬᠤ ᠳᠠᠭᠠᠨ ᠬᠡᠷᠡᠬᠦᠯ ᠵᠤᠳᠤᠭᠠᠨ ᠬᠢᠬᠦ ᠶᠢ ᠴᠡᠬᠡᠷᠯᠡᠨ᠎ᠡ᠃ ᠪᠡᠯᠬᠡ ᠮᠠᠭᠤ ᠪᠤᠯᠤᠨ᠎ᠠ ᠬᠡᠵᠦ ᠦᠵᠡᠳᠡᠭ᠃ᠬᠠᠶᠢᠷᠠᠳᠠᠢ ᠠᠭᠳᠠ ᠮᠤᠷᠢ᠂ ᠤᠩᠭᠤᠯᠠᠵᠤ ᠲᠠᠷᠬᠠᠯᠠᠭᠰᠠᠨ ᠠᠳᠤᠭᠤ ᠪᠠᠨ ᠬᠤᠳᠠᠯᠳᠤᠬᠤ ᠶᠢ ᠴᠡᠬᠡᠷᠯᠡᠨ᠎ᠡ᠃ ᠦᠬᠦᠨ ᠦᠬᠦᠳᠡᠯ᠎ᠡ ᠨᠢ ᠲᠤᠳᠤᠮᠳᠠᠨ ᠠᠷᠠᠴᠢᠯᠠᠳᠠᠭ᠃ᠬᠡᠬᠡᠷ᠎ᠡ ᠬᠦᠳᠡᠭᠡ ᠶᠠᠪᠤᠵᠤ ᠪᠠᠶᠢᠳᠠᠯ᠎ᠠ ᠮᠤᠷᠢᠨ ᠤ ᠬᠢᠯᠭᠠᠰᠤ ᠪᠠᠷ ᠬᠤᠯᠪᠤᠯᠳᠤᠭᠰᠠᠨ ᠬᠤᠮᠤᠯ ᠲᠠᠭᠠᠷᠠᠪᠠᠯ ᠲᠡᠬᠦᠵᠦ ᠠᠪᠤᠭᠠᠳ ᠮᠤᠩᠭᠤᠯ ᠬᠡᠷ ᠤᠨ ᠬᠠᠨ᠎ᠠ ᠶᠢᠨ ᠲᠤᠯᠤᠭᠠᠬᠠᠬᠠᠠᠠᠢ ᠳᠤ ᠡᠯᠬᠦᠵᠦ ᠬᠠᠳᠠᠭᠠᠯᠠᠳᠠᠭ᠃ ᠡᠬᠦᠨ ᠢᠶᠠᠨ ᠠᠳᠤᠭᠤ ᠦᠷᠡᠵᠢᠬᠦ ᠶᠢᠨ ᠪᠡᠯᠭᠡ ᠲᠡᠮᠪᠡᠷᠢᠯ ᠢᠶᠠᠷ ᠦᠵᠡᠳᠡᠭ᠃ᠮᠤᠷᠢᠨ ᠳᠠᠭᠠᠨ ᠵᠦᠪ ᠲᠠᠯ᠎ᠠ ᠠᠴᠠ ᠤ ᠮᠤᠷᠳᠠᠨ᠎ᠠ᠃ ᠵᠦᠪ ᠲᠠᠯ᠎ᠠ ᠪᠠᠷ ᠨᠢ ᠪᠠᠭᠤᠨ᠎ᠠ᠃ᠨᠠᠮᠤᠷ ᠤᠨ ᠨᠠᠢᠮᠠᠨ ᠰᠠᠷ᠎ᠠ ᠶᠢᠨ ᠰᠢᠨᠡᠳ ᠢᠶᠠᠷ ᠨᠠᠮᠤᠷ ᠤᠨ ᠲᠠᠯᠠᠯᠭ᠎ᠠ ᠠᠪᠴᠤ ᠨᠤᠮ ᠤᠩᠰᠢᠬᠤ ᠦᠶ᠎ᠡ ᠲᠡᠭᠷᠢ ᠳᠤ ᠰᠡᠳᠡᠷᠯᠡᠳᠡᠭ᠃ ᠰᠡᠳᠡᠷᠯᠡᠬᠦ ᠠᠳᠤᠭᠤᠨ ᠳᠠᠭᠠᠨ ᠠᠬᠢ ᠬᠦᠵᠢ ᠶᠢᠨ ᠰᠠᠩ ᠤᠭᠤᠬᠢᠭᠤᠯᠵᠤ ᠷᠠᠰᠢᠶᠠᠯᠠᠬᠤ ᠶᠢᠨ ᠬᠠᠮᠳᠤ᠂ ᠰᠡᠳᠡᠷ ᠢᠶᠠᠨ ᠭ᠊ ᠵᠡᠬᠦᠯᠬᠡᠨ ᠰᠦ ᠰᠠᠭᠠᠯᠢ ᠪᠠᠷ ᠮᠢᠯᠢᠶᠠᠭᠠᠳ ᠦᠩᠬᠡ ᠵᠢᠰᠤᠮ ᠨᠠᠰᠤ ᠵᠢᠯ ᠢ ᠨᠢ ᠲᠠᠭᠤᠳᠠᠵᠤ᠂ ᠠᠴᠢ ᠭᠠᠪᠢᠶ᠎ᠠ ᠶᠢ ᠨᠢ ᠮᠠᠭᠳᠠᠨ᠂ ᠲᠡᠭᠷᠢ ᠳᠤ ᠲᠠᠭᠠᠳᠬᠠᠵᠤ ᠰᠦᠷᠦᠭ ᠲᠤᠨᠢ ᠲᠠᠯᠪᠢᠳᠠᠭ᠃ᠤᠩᠭᠤᠨ ᠲᠠᠷᠬᠠᠨ ᠠᠳᠤᠭᠤᠨ ᠤ ᠲᠡᠯ ᠰᠡᠬᠦᠯ ᠢ ᠨᠢ ᠠᠪᠴᠦ᠂ ᠬᠠᠳᠠᠭ ᠲᠤ ᠪᠤᠭᠤᠵᠤ᠂ ᠬᠠᠨ᠎ᠠ ᠶᠢᠨ ᠲᠤᠯᠤᠭᠠᠢ ᠎ ᠳᠤ ᠡᠯᠬᠦᠨ ᠲᠠᠬᠢᠵᠦ᠂ ᠬᠠᠶᠢᠷᠠᠳᠠᠢ ᠮᠠᠯ ᠤᠨ ᠢᠶᠠᠨ ᠠᠴᠢ ᠲᠤᠰᠠ ᠶᠢ ᠨᠢ ᠲᠤᠷᠠᠰᠤᠨ ᠮᠦᠷᠦᠬᠡᠳᠬᠦ ᠰᠡᠳᠬᠢᠯ ᠢᠶᠠᠨ ᠢᠯᠡᠳᠬᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号