ᠲᠡᠮᠡᠬᠡᠨ ᠪᠤᠶᠠᠨ ᠢᠶᠠᠷ ᠵᠢᠷᠭᠠᠬᠤ ᠵᠠᠭ ᠲᠠᠢ ᠨᠤᠳᠤᠭ ᠤᠨ ᠲᠡᠨᠢᠬᠦᠨ ᠠᠮᠢᠳᠤᠷᠠᠯ
  
2018/12/5
ᠨᠡᠶᠢᠭᠡᠮ ᠤᠨ ᠭᠦᠭᠵᠢᠯᠲᠡ ᠨᠢᠰᠭᠦ ᠮᠡᠳᠤ ᠲᠦᠷᠭᠡᠨ ᠡᠨᠡ ᠴᠠᠭ ᠦᠶ᠎ᠡ ᠳᠤ᠂ ᠵᠠᠷᠢᠮ ᠮᠠᠯᠴᠢᠳ ᠠᠵᠦ ᠠᠬᠤᠢ ᠶᠢᠨ ᠬᠦᠭᠵᠢᠯᠲᠡ ᠲᠠᠢ ᠵᠤᠬᠢᠴᠠᠯᠳᠤᠵᠦ᠂ ᠦᠷ᠎ᠡ ᠠᠰᠢᠭ ᠢᠶᠠᠨ ᠤᠯᠠᠮ ᠰᠠᠶᠢᠵᠢᠷᠠᠭᠤᠯᠬᠤ ᠶᠢᠨ ᠲᠤᠯᠠᠳᠠ ᠮᠠᠯᠵᠢᠬᠤ ᠤᠶᠢᠯᠡᠳᠪᠤᠷᠢᠯᠡᠯ ᠳᠡᠭᠡᠨ ᠦᠭᠡᠷᠡᠴᠢᠯᠡᠯᠳᠡ ᠬᠢᠬᠦ᠂ ᠮᠠᠯ ᠤᠨ ᠠᠰᠢᠭ ᠰᠢᠮ᠎ᠡ ᠪᠠᠨ ᠪᠤᠯᠪᠠᠰᠤᠷᠠᠭᠤᠯᠤᠨ ᠲᠠᠸᠠᠷᠰᠢᠭᠤᠯᠬᠤ ᠵᠡᠷᠭᠡ ᠠᠯᠢ ᠤᠯᠠᠨ ᠠᠷᠭ᠎ᠠ ᠵᠠᠮ ᠳᠤ ᠲᠦᠰᠢᠭᠯᠡᠨ ᠠᠰᠢᠭ ᠤᠷᠤᠯᠭ᠎ᠠ ᠪᠠᠨ ᠨᠡᠮᠡᠭᠳᠡᠬᠦᠯᠵᠦ ᠪᠠᠶᠢᠨ᠎ᠡ᠃ ᠬᠠᠷᠢᠨ ᠤᠳᠤ ᠴᠦ ᠭᠡᠰᠡᠨ᠂ ᠬᠦᠳᠡᠭᠡ ᠨᠤᠲᠤᠭ ᠲᠤ ᠴᠤᠯ ᠪᠠᠶᠢᠭᠠᠯᠢᠯᠢᠭ ᠮᠠᠯᠵᠢᠯ ᠢᠶᠠᠨ ᠪᠠᠷᠢᠮᠳᠠᠯᠠᠨ᠂ ᠤᠯᠠᠮᠵᠢᠯᠠᠯᠲᠤ ᠮᠠᠶ᠋ᠢᠭ ᠢᠶᠠᠷ ᠮᠠᠯᠵᠢᠬᠤ ᠦᠢᠯᠡᠳᠪᠦᠷᠢᠯᠡᠯ ᠡᠷᠬᠢᠯᠡᠵᠦ ᠪᠠᠶᠢᠭ᠎ᠠ ᠬᠦᠮᠦᠰ ᠮᠦᠨ ᠯᠡ ᠤᠯᠠᠨ ᠪᠠᠶᠢᠭᠰᠠᠭᠠᠷ᠃ ᠲᠡᠭᠡᠪᠡᠯ ᠤᠯᠠᠮᠵᠢᠯᠠᠯᠲᠤ᠂ ᠴᠤᠯ ᠪᠠᠶᠢᠭᠠᠯᠢᠯᠢᠭ ᠮᠠᠯᠵᠢᠯ ᠤᠨ ᠢᠷᠡᠭᠡᠳᠤᠢ ᠶᠠᠮᠠᠷ ᠰᠢᠤᠬᠠᠨ ᠪᠤᠯ︖ ᠠᠯᠠᠱᠠ ᠪᠠᠷᠠᠭᠤᠨ ᠬᠤᠰᠢᠭᠤᠨ ᠤ ᠲᠠᠩᠰᠤᠭᠪᠤᠯᠠᠭ ᠰᠤᠮᠤᠨ ᠤ ᠦᠷᠦᠨᠳᠤᠶᠠᠭ᠎ᠠ ᠭᠠᠴᠠᠭ᠎ᠠ ᠪᠤᠯ ᠵᠠᠭ ᠰᠠᠶᠢᠳᠠᠢ᠂ ᠲᠡᠮᠡᠭᠡ ᠭᠤᠤᠯᠳᠠᠢ ᠮᠠᠯᠵᠢᠵᠦ ᠪᠠᠶᠢᠭ᠎ᠠ ᠴᠤᠯ ᠮᠠᠯᠵᠢᠬᠤ ᠭᠠᠴᠠᠭ᠎ᠠ ᠶᠤᠮ᠃ ᠠᠳᠡᠬᠢ ᠪᠤᠯ ᠤᠯᠠᠮᠵᠢᠯᠠᠯᠳᠦ ᠮᠠᠯᠵᠢᠬᠤ ᠦᠢᠯᠡᠳᠪᠦᠷᠢᠯᠡᠯ ᠯᠠ ᠬᠠᠮᠤᠭ ᠲᠤᠭᠢᠷᠠᠮᠵᠢᠳᠠᠢ ᠡᠯᠡᠰᠦᠨ ᠭᠤᠪᠢ ᠨᠤᠳᠤᠭ ᠶᠤᠮ᠃ ᠭᠡᠷᠪᠡ ᠵᠦᠪᠬᠡᠨ ᠲᠡᠮᠡᠭᠡ᠂ ᠵᠠᠭ ᠢᠶᠠᠨ ᠲᠦᠰᠢᠵᠦ᠂ ᠤᠯᠠᠮᠵᠢᠯᠠᠯᠳᠦ ᠮᠠᠯᠵᠢᠯ ᠦᠢᠯᠡᠳᠪᠦᠷᠢᠯᠡᠯ ᠢᠶᠠᠷ ᠢᠶᠠᠨ ᠠᠵᠦ ᠲᠦᠷᠦᠪᠡᠯ ᠠᠰᠢᠭ ᠤᠷᠤᠯᠭ᠎ᠠ ᠨᠢ ᠶᠠᠮᠡᠷ ᠪᠤᠯ︖ ᠠᠵᠦ ᠠᠮᠢᠳᠤᠷᠠᠯ ᠨᠢ ᠬᠢᠷᠢ ᠵᠡᠷᠬᠡ ᠪᠠᠶᠢᠨ᠎ᠠ︖ ᠤᠳᠤ ᠴᠠᠬ ᠦᠶ᠎ᠠ ᠶᠢᠨ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠶᠢ ᠬᠠᠨᠭ᠍ᠭᠠᠵᠦ ᠲᠡᠶᠢᠯᠵᠦ ᠪᠠᠶᠢᠨᠠᠤ︖ ᠡᠳᠡᠭᠡᠷ ᠠᠰᠠᠭᠤᠯᠳᠠ ᠳᠤ ᠬᠦᠳᠦᠯᠦᠭᠳᠡᠨ ᠰᠤᠷᠪᠤᠯᠵᠢᠯᠠᠭᠴᠢ ᠲᠤᠰ ᠭᠠᠴᠠᠭ᠎ᠠ ᠪᠠᠷ ᠬᠦᠨᠵᠡᠬᠡᠶᠢᠷᠡᠵᠦ ᠰᠤᠷᠪᠤᠯᠵᠢᠯᠠᠭ᠎ᠠ ᠠᠪᠤᠬᠰᠠᠨ ᠶᠤᠮ᠃ ᠮᠠᠯᠵᠢᠬᠤ ᠶᠢ ᠵᠤᠭᠰᠤᠭᠠᠭᠰᠡᠨ ᠪᠤᠶᠤ ᠮᠠᠯ ᠤᠨ ᠲᠤᠭ᠎ᠠ ᠲᠤᠯᠤᠭᠠᠢ ᠶᠢ ᠬᠢᠵᠠᠭᠠᠷᠯᠠᠭᠰᠡᠨ ᠠᠴᠠ ᠲᠠᠩᠰᠤᠭᠪᠤᠯᠠᠭ ᠰᠤᠮᠤᠨ ᠤ ᠦᠷᠦᠨᠳᠤᠶᠠᠭ᠎ᠠ ᠭᠠᠴᠠᠭᠠᠨ ᠤ ᠮᠠᠯᠴᠢᠳ ᠨᠡᠶᠢᠳᠡᠮ ᠳᠡᠭᠡᠨ ᠪᠤᠭ ᠮᠠᠯ ᠬᠠᠷᠢᠭᠤᠯᠬᠤ ᠪᠠᠨ ᠪᠤᠯᠢᠵᠦ᠂ ᠲᠡᠮᠡᠭᠡ ᠪᠠᠨ ᠦᠨᠢᠷ ᠦᠰᠭᠡᠨ᠂ ᠵᠠᠭ ᠢᠶᠠᠨ ᠬᠠᠮᠠᠭᠠᠯᠠᠵᠦ᠂ ᠭᠤᠶᠤᠤ ᠪᠠᠨ ᠮᠠᠯᠳᠠᠨ᠂ ᠪᠠᠶᠢᠭᠠᠯᠢ ᠤᠷᠴᠢᠨ ᠢᠶᠠᠨ ᠲᠦᠰᠢᠵᠦ᠂ ᠠᠷᠢᠭᠤᠨ ᠬᠦᠳᠡᠯᠮᠤᠷᠢ ᠠᠵᠢᠯᠴᠢ ᠬᠤᠶᠠᠷ ᠭᠠᠷ ᠢᠶᠠᠷ ᠢᠶᠠᠨ ᠠᠵᠦ ᠲᠦᠷᠦᠵᠦ ᠪᠠᠶᠢᠨ᠎ᠡ᠃ ᠠᠳᠡᠬᠢ ᠠᠶᠢᠯ ᠤᠳ ᠪᠦᠷ ᠲᠡᠮᠡᠭᠡ ᠤᠯᠠᠨᠲᠠᠢ ᠤᠴᠢᠷ ᠲᠡᠮᠡᠭᠡᠨ ᠨᠤᠤᠰᠤ ᠨᠤᠯᠤᠤᠷ᠂ ᠢᠩᠭᠡᠨ ᠰᠠᠭᠠᠯᠢ ᠠᠴᠠ ᠪᠠᠨ ᠠᠰᠢᠭ ᠤᠯᠵᠦ᠂ ᠵᠠᠭ ᠵᠡᠬᠡᠳᠡᠢ ᠨᠤᠳᠤᠭ ᠪᠤᠯᠬᠤᠷ ᠬᠠᠪᠤᠷ ᠲᠠᠭᠠᠨ ᠴᠠᠭᠠᠨ ᠭᠤᠶᠤᠤ ᠠᠴᠠ ᠪᠠᠨ ᠪᠠᠭ᠎ᠠ ᠪᠤᠰᠤ ᠤᠷᠤᠯᠭ᠎ᠠ ᠤᠯᠳᠠᠭ᠃ ᠮᠦᠩᠬᠡᠨᠠᠰᠤᠨ ᠤ ᠬᠢᠨ ᠵᠢᠯ ᠪᠤᠯᠭᠠᠨ ᠤ ᠲᠦᠷᠪᠡᠨ ᠰᠠᠷ᠎ᠠ ᠠᠴᠠ ᠡᠬᠢᠯᠡᠨ ᠴᠠᠭᠠᠨ ᠭᠤᠶᠤᠤ ᠮᠠᠯᠳᠠᠬᠤ ᠠᠵᠢᠯ ᠳᠠᠭᠠᠨ ᠶᠠᠭᠠᠷᠠᠳᠠᠭ᠂ ᠶᠡᠷᠤᠨᠢ ᠴᠠᠭᠠᠨ ᠭᠤᠶᠤᠤ ᠮᠠᠯᠳᠠᠬᠤ ᠠᠵᠢᠯ ᠨᠢ 4 ᠰᠠᠷ᠎ᠠ ᠶᠢᠨ ᠡᠬᠢᠨ ᠠᠴᠠ 5 ᠰᠠᠷ᠎ᠠ ᠶᠢᠨ ᠲᠤᠮᠳᠠᠴᠢ ᠪᠤᠯᠳᠠᠯ᠎ᠠ ᠢᠳᠡ ᠶᠠᠪᠤᠭᠳᠠᠵᠦ᠂ ᠠᠶᠢᠯ ᠭᠤᠤᠯ ᠤᠨ ᠬᠢᠨ ᠪᠦᠭᠦᠳᠡᠬᠡᠷ ᠭᠤᠶᠤᠤ ᠮᠠᠯᠳᠠᠵᠦ ᠶᠠᠭᠠᠷᠠᠯᠳᠤᠳᠠᠭ᠃ ᠮᠦᠩᠭᠡᠨᠠᠰᠤᠨ ᠭᠡᠷᠭᠡᠢ ᠲᠠᠢ ᠪᠠᠨ ᠬᠤᠶᠠᠭᠤᠯᠠ ᠦᠩᠭᠡᠷᠡᠬᠦ ᠵᠢᠯ 5000 ᠵᠢᠩ ᠤᠷᠴᠢᠮ ᠴᠠᠭᠠᠨ ᠭᠤᠶᠤᠤ ᠮᠠᠯᠳᠠᠵᠦ᠂ 10 ᠭᠠᠷᠤᠢ ᠲᠦᠮᠡᠨ ᠲᠦᠭᠦᠷᠢᠭ ᠤᠨ ᠤᠷᠤᠯᠭ᠎ᠠ ᠡᠭᠦᠳᠴᠡᠢ᠃ ᠮᠦᠩᠭᠡᠨᠠᠰᠤᠨ᠄ ︽ᠮᠠᠨᠠᠶᠢᠬᠢᠨ ᠶᠡᠭᠡᠩᠬᠢ ᠳᠡᠭᠡᠨ ᠬᠠᠪᠤᠷ ᠯᠠ ᠰᠠᠶᠢᠨ ᠮᠠᠯᠳᠠᠨ᠎ᠠ᠃ ᠨᠠᠮᠤᠷ ᠲᠠᠭᠠᠨ ᠲᠤᠭᠠᠳᠠᠢ᠂ ᠡᠪᠤᠯ ᠬᠠᠶᠠ ᠳᠠᠭᠠᠨ ᠪᠠᠰᠠ ᠦᠯᠢᠶᠡᠪᠦᠷᠢ ᠲᠠᠭᠤᠪᠤᠷᠢ ᠮᠠᠯᠳᠠᠳᠠᠭ᠂ ᠡᠪᠤᠯ ᠤᠨ ᠲᠠᠭᠤᠪᠦᠷᠢ ᠮᠠᠯᠳᠠᠬᠤ ᠳᠤ ᠰᠠᠯᠬᠢ ᠲᠠᠭᠠᠷᠠᠭᠤᠯᠵᠦ ᠶᠠᠪᠤᠨ᠎ᠡ᠃ ᠨᠠᠮᠤᠷ ᠡᠪᠤᠯ ᠤᠨ ᠭᠤᠶᠤᠤ ᠶᠢ ᠬᠠᠪᠤᠷ ᠤᠨ ᠬᠢ ᠲᠠᠢ ᠠᠳᠠᠯᠢᠳᠬᠠᠪᠠᠯ ᠤᠯᠳᠠᠬᠤ ᠳᠤ ᠬᠤᠪᠤᠷ᠂ ᠭᠡᠪᠡᠴᠤ ᠶᠡᠭᠡ ᠴᠢᠨᠠᠷᠳᠠᠢ᠂ ᠦᠨᠳᠦᠷ ᠦᠨ᠎ᠡ ᠭᠦᠷᠳᠡᠭ︾ ᠬᠡᠵᠦ ᠪᠠᠶᠢᠯ᠎ᠠ᠃ ᠮᠦᠩᠭᠡᠨᠠᠰᠤᠨ ᠤ ᠬᠢᠨ ᠭᠠᠴᠠᠭᠠᠨ ᠳᠠᠭᠠᠨ ᠭᠤᠶᠤᠤ ᠡᠯᠪᠡᠭ ᠮᠠᠯᠳᠠᠳᠠᠭ ᠠᠶᠢᠯ ᠤᠨ ᠨᠢᠭᠡ᠃ ᠮᠦᠩᠭᠡᠨᠠᠰᠤᠨ᠄ ︽ᠬᠠᠪᠤᠷ ᠲᠤᠨᠢ ᠭᠠᠴᠠᠭᠠᠨ ᠤ ᠭᠤᠶᠤᠤ ᠮᠠᠯᠳᠠᠬᠤ ᠤᠯᠤᠰ ᠤᠳ ᠬᠦᠮᠦᠨ ᠪᠦᠷᠢ 300 ᠲᠦᠭᠦᠷᠢᠭ ᠲᠤᠰᠢᠶᠠᠵᠦ᠂ ᠬᠤᠷᠢᠶᠠᠭᠰᠡᠨ ᠮᠦᠩᠭᠦ ᠪᠠᠷ ᠢᠶᠠᠨ ᠭᠠᠴᠠᠭᠠᠨ ᠤ ᠭᠤᠶᠤᠤ ᠬᠠᠮᠠᠭᠠᠯᠠᠬᠤ ᠭᠦᠮᠦᠨ ᠳᠤ ᠬᠠᠷᠠᠮᠵᠢ ᠪᠤᠯᠭᠠᠨ ᠭᠤᠶᠤᠤ ᠪᠠᠨ ᠬᠠᠮᠠᠭᠠᠯᠠᠬᠤ ᠶᠢᠨ ᠲᠠᠭᠠᠤ ᠳᠤ᠂ ᠮᠠᠯᠳᠠᠬᠤ ᠦᠶᠡᠰ ᠭᠤᠶᠤᠤ ᠶᠢᠨ ᠦᠨᠳᠦᠰᠦ ᠶᠢ ᠨᠢ ᠲᠠᠰᠤᠯᠬᠤ ᠠᠴᠠ ᠶᠡᠭᠡᠳᠡ ᠬᠢᠴᠢᠶᠡᠵᠦ᠂ ᠬᠦᠮᠦᠨ ᠪᠦᠷᠢ ᠪᠡᠶ᠎ᠠ ᠳᠡᠭᠡᠨ ᠭᠤᠶᠤᠤ ᠶᠢᠨ ᠦᠷ᠎ᠡ ᠪᠡᠯᠡᠳᠤᠨ᠂ ᠭᠡᠷᠪᠡ ᠦᠨᠳᠣᠰᠣ ᠶᠢ ᠨᠢ ᠲᠠᠰᠤᠯᠪᠠᠯ ᠨᠦᠭᠡᠨ ᠳᠤᠨᠢ ᠦᠷ᠎ᠡ ᠲᠡᠯᠪᠢᠵᠦ᠂ ᠲᠠᠷᠠᠭ᠎ᠠ ᠵᠢᠯ ᠤᠨ ᠤᠨᠠᠯᠲᠠ ᠶᠢ ᠨᠦᠯᠦᠭᠡᠯᠡᠬᠦ ᠦᠭᠡᠢ ᠶᠢ ᠵᠤᠷᠢᠳᠠᠭ︾ ᠭᠡᠵᠦ ᠭᠠᠴᠠᠭᠠᠨ ᠤ ᠪᠠᠨ ᠵᠠᠭ ᠴᠠᠭᠠᠨ ᠭᠤᠶᠤᠤ ᠶᠢᠨ ᠬᠠᠮᠠᠭᠠᠯᠠᠯᠲᠠ ᠶᠢᠨ ᠠᠷᠭ᠎ᠠ ᠠᠪᠴᠠᠯ ᠤᠨ ᠢᠶᠠᠨ ᠲᠤᠬᠠᠢ ᠲᠠᠨᠢᠯᠴᠠᠭᠤᠯᠤᠯ᠎ᠠ᠃ ᠦᠷᠦᠨᠳᠤᠶᠠᠭ᠎ᠠ ᠭᠠᠴᠠᠭᠠᠨ ᠤ ᠪᠠᠶᠢᠭᠠᠯᠢ ᠶᠢᠨ ᠵᠠᠭ ᠤᠨ ᠤᠢ ᠳᠠᠬᠢ ᠴᠠᠭᠠᠨ ᠭᠤᠶᠤᠤ ᠶᠢ ᠲᠠᠨᠠᠶᠢᠬᠢ ᠮᠡᠨᠠᠶᠢᠬᠢ ᠭᠡᠵᠦ ᠬᠤᠪᠢᠶᠠᠳᠠᠭ ᠦᠭᠡᠢ ᠤᠴᠢᠷ ᠠᠴᠠ ᠭᠤᠶᠤᠤ ᠮᠠᠯᠳᠠᠬᠤ ᠮᠠᠯᠴᠢᠳ ᠪᠦᠷ ᠤᠯᠳᠠᠬᠤ ᠬᠢᠷᠢ ᠪᠠᠷ ᠢᠶᠠᠷ ᠮᠠᠯᠳᠠᠵᠦ᠂ ᠬᠤᠪᠢᠳᠠᠬᠰᠠᠨ ᠬᠡᠮᠵᠢᠶ᠎ᠠ ᠪᠠᠷ ᠢᠶᠠᠨ ︽ᠬᠡᠰᠢᠭ︾ ᠬᠦᠷᠳᠡᠳᠡᠭ ᠪᠠᠶᠢᠨ᠎ᠡ᠃ ᠦᠷᠦᠨᠳᠤᠶᠠᠭ᠎ᠠ ᠭᠠᠴᠠᠭᠠᠨ ᠤ ᠴᠠᠭᠠᠨ ᠴᠢᠯᠠᠭᠤᠲᠤ ᠳᠤ ᠰᠠᠭᠤᠷᠢᠰᠢᠭ᠎ᠠ ᠨᠠ᠊ • ᠴᠢᠯᠠᠭᠤ᠂ ᠪᠠᠶᠠᠷ ᠤᠨ ᠬᠢᠨ ᠳᠤ ᠠᠪᠴᠦ ᠬᠡᠯᠡᠪᠡᠯ᠂ ᠵᠢᠯ ᠪᠦᠷᠢ ᠶᠢᠨ 11 ᠰᠠᠷ᠎ᠠ ᠠᠴᠠ ᠲᠠᠷᠠᠭ᠎ᠠ ᠵᠢᠯ ᠤᠨ ᠬᠢᠨᠢ 5 ᠰᠠᠷ᠎ᠠ ᠶᠢᠨ ᠲᠤᠮᠳᠠᠴᠢ ᠬᠦᠷᠳᠡᠯᠡᠬᠢ ᠬᠠᠭᠠᠰ ᠵᠢᠯ ᠨᠢ ᠬᠠᠮᠤᠭ ᠶᠠᠭᠠᠷᠠᠯᠲᠠᠢ ᠦᠶ᠎ᠠ ᠪᠠᠶᠢᠯ᠎ᠠ᠃ ᠡᠳᠡᠨᠡᠶᠢᠬᠢᠨ 300 ᠭᠠᠷᠤᠢ ᠲᠡᠮᠡᠭᠡ ᠲᠠᠢ᠂ ᠵᠢᠯ ᠪᠤᠯᠭᠠᠨ ᠤ 11 ᠰᠠᠷ᠎ᠠ ᠠᠴᠠ ᠲᠠᠷᠠᠭ᠎ᠠ ᠵᠢᠯ ᠤᠨ ᠬᠢᠨᠢ 4 ᠰᠠᠷ᠎ᠠ ᠪᠤᠯᠳᠠᠯ᠎ᠠ ᠢᠩᠭᠡ ᠰᠠᠭᠠᠳᠠᠭ᠃ ᠶᠡᠷᠤᠨᠢ ᠵᠢᠯ ᠪᠤᠯᠭᠠᠨ ᠠᠷᠪᠠ ᠭᠠᠷᠤᠢ ᠢᠩᠭᠡ ᠰᠠᠭᠠᠵᠦ᠂ ᠰᠠᠭᠠᠯᠢ ᠪᠠᠨ ᠤᠶᠢᠷ᠎ᠠ ᠵᠠᠭᠤᠷ᠎ᠠ ᠶᠢᠨ ᠠᠶᠢᠯ᠂ ᠠᠬ᠎ᠠ ᠲᠡᠭᠦᠦ ᠲᠦᠷᠦᠯ ᠰᠠᠳᠤᠨ ᠳᠠᠭᠠᠨ ᠬᠤᠪᠢᠶᠠᠵᠦ᠂ ᠪᠠᠰᠡ ᠬᠡᠰᠡᠭ ᠰᠠᠭᠠᠯᠢ ᠪᠠᠨ ᠪᠤᠰᠤᠳ ᠤᠨ ᠵᠠᠬᠢᠶᠠᠯᠠᠭ᠎ᠠ ᠪᠤᠶᠤ ᠨᠠᠶᠢᠷ ᠨᠠᠭᠠᠳᠤᠮ ᠢᠶᠠᠷ ᠪᠤᠷᠤᠯᠠᠭᠤᠯᠳᠠᠭ ᠪᠠᠶᠢᠨ᠎ᠠ᠃ ︽ᠮᠠᠨ ᠤ ᠢᠩᠭᠡᠨ ᠰᠦ᠂ ᠠᠶᠢᠷᠠᠭ ᠤᠨ ᠦᠨ᠎ᠡ ᠨᠢ ᠪᠦᠷ ᠠᠳᠠᠯᠢ᠂ ᠵᠢᠩ ᠳᠡᠭᠡᠨ 35 ᠲᠦᠭᠦᠷᠢᠭ ᠃ ᠪᠤᠷᠤᠯᠠᠭᠤᠯᠭ᠎ᠠ ᠰᠠᠶᠢᠲᠠᠢ ᠦᠶ᠎ᠡ ᠳᠤ 2 ᠲᠦᠮᠡᠨ ᠲᠦᠭᠦᠷᠢᠭ ᠤᠨ ᠤᠷᠤᠯᠭ᠎ᠠ ᠲᠠᠢ᠃ ᠵᠠᠷᠢᠮ ᠳᠠᠭᠠᠨ ᠨᠠᠶᠢᠷ ᠨᠠᠭᠠᠳᠤᠮ ᠲᠠᠭᠠᠷᠠᠯᠳᠤᠪᠠᠯ ᠰᠦ ᠰᠠᠭᠠᠯᠢ ᠪᠠᠨ ᠠᠪᠠᠴᠢᠵᠦ ᠪᠤᠷᠤᠯᠠᠭᠤᠯᠤᠨ᠎ᠠ᠂ ᠲᠠᠨᠢᠳᠠᠭ ᠮᠡᠳᠡᠳᠡᠭ ᠤᠯᠤᠰ ᠠᠶᠢᠷᠠᠭ ᠠᠪᠤᠶ᠎ᠠ ᠭᠡᠪᠡᠯ ᠵᠠᠮ ᠲᠠᠭᠠᠷᠠᠭᠰᠡᠨ ᠲᠡᠷᠭᠡ ᠤᠨᠤᠭ᠎ᠠ ᠪᠠᠷ ᠬᠦᠷᠭᠡᠵᠦ ᠦᠭᠳᠡᠭ᠂ ᠪᠠᠰᠠ ᠵᠠᠷᠢᠮ ᠳᠠᠭᠠᠨ ᠦᠪᠡᠷᠰᠡᠳ ᠢᠶᠠᠨ ᠪᠠᠶᠠᠨᠬᠤᠳᠠ ᠳᠤ ᠶᠠᠪᠤᠬᠤ ᠳᠠᠭᠠᠨ ᠰᠠᠭᠠᠯᠢ ᠪᠠᠨ ᠠᠪᠠᠴᠢᠵᠦ ᠬᠤᠳᠠᠯᠳᠤᠳᠠᠭ᠃ ᠭᠤᠤᠯᠳᠠᠭᠤ ᠢᠩᠭᠡᠨ ᠠᠶᠢᠷᠠᠭ ᠪᠤᠷᠤᠯᠠᠭᠤᠯᠤᠨ᠎ᠠ᠂ ᠤᠴᠢᠷ ᠨᠢ ᠠᠶᠢᠷᠠᠭ ᠬᠠᠳᠠᠭᠠᠯᠠᠬᠤ ᠳᠤ ᠠᠮᠠᠷ᠂ ᠦᠷᠦᠮ᠎ᠡ ᠱᠦᠭᠦᠷᠮᠡᠭ ᠬᠢᠬᠦ ᠶᠢᠨ ᠵᠡᠷᠭᠡ ᠲᠦᠪᠡᠭ ᠦᠭᠡᠢ︾ ᠭᠡᠵᠦ ᠪᠠᠶᠠᠷ ᠶᠠᠷᠢᠨ᠎ᠠ᠃ ᠰᠠᠭᠠᠯᠢ ᠬᠢᠬᠦ ᠶᠠᠭᠠᠷᠠᠯᠲᠠᠢ ᠴᠠᠭ ᠲᠦᠩᠭᠡᠵᠢ ᠦᠩᠭᠡᠷᠡᠬᠦ ᠳᠤ ᠵᠠᠯᠭᠠᠭᠠᠳ ᠭᠤᠶᠤᠤ ᠮᠠᠯᠳᠠᠬᠤ ᠴᠠᠭ ᠪᠤᠯᠤᠨ᠎ᠠ᠃ ᠨᠢᠳᠤᠨᠤᠨ ᠪᠠᠶᠠᠷ ᠨᠦᠭᠦᠷ ᠲᠠᠢ ᠪᠠᠨ ᠬᠤᠶᠠᠭᠤᠯᠠ ᠬᠠᠪᠤᠷ ᠤᠨ ᠲᠤᠮᠳᠠ ᠰᠠᠷ᠎ᠠ ᠠᠴᠠ 2000 ᠭᠠᠷᠤᠢ ᠵᠢᠩ ᠭᠤᠶᠤᠤ ᠮᠠᠯᠳᠠᠵᠦ᠂ 4 ᠲᠦᠮᠡᠨ ᠲᠦᠭᠦᠷᠢᠭ ᠤᠨ ᠤᠷᠤᠯᠭ᠎ᠠ ᠡᠭᠦᠳᠴᠡᠢ᠃ ᠪᠠᠶᠠᠷ᠄ ︽ᠲᠡᠮᠡᠭᠡ ᠮᠠᠯ ᠢᠶᠠᠨ ᠠᠷᠠᠴᠢᠯᠠᠵᠦ ᠲᠤᠳᠤᠮᠳᠠᠨ᠎ᠠ ᠭᠡᠳ ᠠᠵᠢᠯ ᠶᠠᠭᠠᠷᠠᠤ ᠠᠴᠠ ᠭᠤᠶᠤᠤ ᠮᠠᠯᠳᠠᠵᠦ ᠠᠮᠵᠢᠬᠤ ᠦᠭᠡᠢ ᠪᠠᠶᠢᠨ᠎ᠠ᠃ ᠵᠠᠷᠢᠮ ᠵᠢᠯ ᠮᠠᠯᠳᠠᠭᠰᠡᠨ ᠭᠤᠶᠤᠤ ᠪᠠᠨ ᠪᠠᠶᠠᠨᠬᠤᠳᠠ ᠳᠤ ᠠᠪᠠᠴᠢᠵᠦ ᠪᠤᠷᠤᠯᠠᠭᠤᠯᠳᠠᠬ᠂ ᠵᠠᠷᠢᠮ ᠳᠠᠭᠠᠨ ᠮᠠᠶᠢᠮᠠᠶᠢᠴᠢᠨ ᠢᠷᠡᠭᠡᠳ ᠬᠤᠷᠢᠶᠠᠳᠠᠭ᠂ ᠶᠠᠭᠠᠬᠢᠬᠤᠪ ᠳ᠋ᠠ᠂ ᠪᠠᠭ᠎ᠠ ᠦᠬᠡᠢ ᠤᠷᠤᠯᠭ᠎ᠠ ᠪᠤᠯᠳᠠᠭ ᠰᠢᠤ︾ ᠬᠡᠵᠦ ᠪᠠᠶᠢᠬᠰᠠᠨ ᠪᠢᠯᠠ᠃ ᠲᠡᠳᠡᠨᠡᠶᠢᠬᠢᠨ ᠰᠠᠭᠠᠯᠢ᠂ ᠴᠠᠭᠠᠨ ᠭᠤᠶᠤᠤ ᠠᠴᠠ ᠪᠠᠨ ᠤᠷᠤᠯᠭ᠎ᠠ ᠤᠯᠬᠤ ᠠᠴᠠ ᠭᠠᠳᠠᠨ᠎ᠠ᠂ ᠵᠢᠯ ᠳᠡᠭᠡᠨ ᠲᠡᠮᠡᠭᠡᠨ ᠨᠤᠤᠰᠤ ᠵᠤᠭᠳᠤᠷ ᠠᠴᠠ ᠪᠠᠨ 4 ᠲᠦᠮᠡ ᠭᠠᠷᠤᠢ ᠲᠦᠭᠦᠷᠢᠭ ᠤᠨ ᠤᠷᠤᠯᠭ᠎ᠠ ᠤᠯᠳᠠᠭ᠃ ᠪᠠᠰᠠ ᠵᠢᠯ ᠪᠤᠯᠭᠠᠨ ᠴᠦᠬᠡᠪᠦᠷᠢ ᠲᠡᠮᠡᠭᠡ ᠪᠤᠷᠤᠯᠠᠭᠤᠯᠤᠨ᠎ᠠ᠂ ᠵᠠᠷᠢᠮ ᠤᠯᠤᠰ ᠡᠳᠡᠨᠡᠶᠢᠬᠢᠨ ᠠᠴᠠ ᠦᠰᠪᠦᠷᠢ ᠶᠢᠨ ᠲᠡᠮᠡᠭᠡ ᠠᠪᠤᠨ᠎ᠠ᠂ ᠮᠦᠨ ᠦᠨ᠎ᠡ ᠲᠠᠭᠠᠷᠠᠪᠠᠯ ᠮᠠᠶᠢᠮᠠᠶᠢᠴᠢᠨ ᠳᠤ ᠮᠠᠯ ᠲᠡᠮᠡᠭᠡ ᠪᠠᠨ ᠵᠠᠷᠤᠨ᠎ᠠ ᠁ ᠶᠡᠷᠤᠨᠢ ᠲᠡᠮᠡᠬᠡᠨ ᠤ ᠪᠠᠨ ᠪᠤᠶᠠᠨ᠂ ᠰᠢᠷᠭᠠᠭᠤ ᠬᠦᠳᠡᠯᠮᠤᠷᠢ ᠪᠠᠷ ᠢᠶᠠᠨ ᠦᠬᠡᠳᠡ ᠲᠠᠢ ᠦᠡᠭᠬᠡ ᠲᠠᠢ ᠠᠵᠦ ᠲᠦᠷᠦᠵᠦ ᠪᠠᠶᠢᠭ᠎ᠠ ᠠᠶᠢᠯ ᠪᠠᠶᠢᠯ᠎ᠠ᠃ ︽ᠮᠠᠯ ᠤᠨ ᠠᠰᠢᠭ ᠰᠢᠮ᠎ᠡ ᠶᠢᠨ ᠦᠨ᠎ᠠ ᠬᠠᠩᠰᠢ ᠲᠤᠭᠳᠠᠪᠤᠷᠢ ᠦᠭᠡᠢ᠂ ᠵᠢᠯ ᠪᠦᠷᠢ ᠪᠠᠭ᠎ᠠ ᠰᠠᠭ᠎ᠠ ᠬᠡᠯᠪᠡᠯᠵᠡᠯᠳᠡ ᠲᠠᠢ ᠪᠠᠶᠢᠳᠠᠭ ᠠᠴᠠ ᠪᠢᠳᠡᠨ ᠤ ᠤᠷᠤᠯᠭ᠎ᠠ ᠴᠦ ᠬᠤᠪᠢᠷᠠᠯᠲᠠ ᠲᠠᠢ ᠪᠠᠶᠢᠳᠠᠭ᠃ ᠭᠡᠪᠡᠴᠤ ᠬᠤᠶᠢᠰᠢᠳᠡ ᠮᠦᠨ ᠯᠡ ᠴᠤᠯ ᠪᠠᠶᠢᠭᠠᠯᠢᠯᠢᠭ ᠶᠠᠩᠵᠦ ᠪᠠᠷ ᠢᠶᠠᠨ ᠮᠠᠯᠵᠢᠯ ᠠᠮᠢᠳᠤᠷᠠᠯ ᠢᠶᠠᠨ ᠦᠷᠭᠦᠯᠵᠢᠯᠡᠭᠦᠯᠦᠶ᠎ᠡ ᠭᠡᠵᠦ ᠰᠠᠨᠠᠵᠦ ᠪᠠᠶᠢᠨ᠎ᠡ︾ ᠭᠡᠵᠦ ᠪᠠᠶᠠᠷ ᠬᠠᠨᠤᠮᠵᠢᠳᠠᠢ ᠶᠠᠷᠢᠬᠤ ᠨᠢ ᠰᠡᠳᠬᠢᠯ ᠳᠤ ᠨᠢᠭᠡᠯᠡ ᠡᠭᠡᠯᠢᠲᠠᠢ᠃ ︽ᠡᠨᠡ ᠬᠤᠶᠠᠷ ᠵᠢᠯ ᠤᠨ ᠴᠠᠭᠠᠨ ᠭᠤᠶᠤᠤ ᠶᠢᠨ ᠤᠷᠭᠤᠯᠲᠠ ᠮᠠᠭᠤᠳᠠᠵᠡᠢ᠃ ᠪᠤᠷᠤᠭ᠎ᠠ ᠬᠤᠷ᠎ᠠ ᠪᠠᠭᠠᠰᠤᠭᠰᠡᠨ ᠠᠴᠠ ᠴᠦ ᠪᠤᠯᠪᠠᠤ᠂ ᠤᠭ ᠢᠶᠠᠨ ᠪᠤᠳᠤᠪᠠᠯ ᠴᠠᠭᠠᠨ ᠭᠤᠶᠤᠤ ᠰᠢᠩᠭᠡᠷᠡᠵᠦ ᠪᠠᠶᠢᠨ᠎ᠡ︾ ᠭᠡᠵᠦ ᠬᠤᠯᠤᠰᠤᠨ ᠲᠤᠯᠤᠭᠠᠢ ᠶᠢᠨ ᠵᠠᠩ ᠴᠢᠯᠠᠭᠤ ᠰᠠᠨᠠᠭᠠᠰᠢᠷᠠᠨ᠎ᠠ᠃ ᠵᠠᠩ ᠴᠢᠯᠠᠭᠤ ᠶᠢᠨ ᠬᠢᠨ ᠦᠩᠭᠡᠷᠡᠬᠦ ᠬᠠᠪᠤᠷ ᠪᠠᠭ᠎ᠠ ᠪᠤᠰᠤ ᠭᠤᠶᠤᠤ ᠮᠠᠯᠳᠠᠵᠡᠢ᠃ ︽ᠦᠩᠭᠡᠷᠡᠬᠦ ᠵᠢᠯ ᠤᠨ ᠴᠢᠬᠢᠭ ᠲᠠᠢ ᠭᠤᠶᠤᠤ ᠵᠢᠩ ᠳᠡᠭᠡᠨ 20 ᠲᠥᠬᠦᠷᠢᠭ ᠭᠦᠷᠴᠦ ᠪᠠᠶᠢᠬᠰᠡᠨ᠂ ᠮᠠᠨ ᠤ 4000 ᠵᠢᠩ ᠭᠤᠶᠤᠤ ᠶᠢ 8 ᠲᠦᠮᠡᠨ ᠲᠦᠭᠦᠷᠢᠭ ᠢᠶᠠᠷ ᠡᠯᠡᠰᠤᠨ ᠤ ᠠᠵᠦ ᠤᠶᠢᠯᠡᠰ ᠡᠷᠬᠢᠯᠡᠵᠦ ᠪᠠᠶᠢᠭ᠎ᠠ ᠨᠢᠬᠡᠨ ᠺᠤᠮᠫᠠᠨᠢ ᠬᠤᠷᠢᠶᠠᠬᠰᠠᠨ︾ ᠭᠡᠵᠦ ᠵᠠᠩ ᠴᠢᠯᠠᠭᠤ ᠶᠠᠷᠢᠯ᠎ᠠ᠃ ᠦᠩᠭᠡᠷᠡᠭᠰᠡᠨ ᠳᠤ ᠬᠤᠪᠢ ᠬᠦᠮᠦᠨ ᠳᠤ ᠪᠤᠷᠤᠯᠠᠭᠤᠯᠬᠤ ᠪᠤᠶᠤ ᠬᠠᠳᠠᠭᠠᠵᠦ ᠪᠠᠶᠢᠭᠠᠳ ᠬᠠᠩᠰᠢ ᠲᠤᠬᠢᠷᠠᠪᠠᠯ ᠬᠤᠳᠠᠯᠳᠤᠳᠠᠭ ᠪᠠᠶᠢᠵᠡᠢ᠃ ᠬᠠᠷᠢᠨ ᠺᠤᠮᠫᠠᠨᠢ ᠠᠴᠠ ᠢᠷᠡᠵᠦ ᠴᠢᠬᠢᠭ ᠲᠠᠢ ᠭᠤᠶᠤᠤ ᠶᠢ ᠬᠤᠷᠢᠶᠠᠭᠰᠡᠨ ᠨᠢ ᠮᠠᠯᠴᠢᠳ ᠲᠤ ᠠᠪᠴᠦ ᠬᠡᠯᠡᠪᠡᠯ ᠲᠤᠰᠬᠠᠢ ᠬᠤᠳᠠ ᠳᠤ ᠠᠪᠠᠴᠢᠵᠦ ᠬᠤᠳᠠᠯᠳᠤᠬᠤ ᠪᠤᠶᠤ ᠬᠠᠳᠠᠭᠠᠵᠦ ᠪᠠᠶᠢᠭᠠᠳ ᠬᠤᠳᠠᠯᠳᠤᠭᠰᠡᠨ ᠠᠴᠠ ᠢᠯᠡᠬᠦᠦ ᠠᠰᠢᠬᠳᠠᠢ᠂ ᠪᠠᠰᠠ ᠲᠦᠭᠦᠮ ᠲᠦᠳᠡ ᠪᠤᠯᠵᠠᠢ᠃ ᠡ᠊ᠨᠳᠡᠬᠢ ᠤᠯᠠᠩᠬᠢ ᠠᠶᠢᠯ ᠴᠠᠭᠠᠨ ᠭᠤᠶᠤᠤ ᠮᠠᠯᠳᠠᠬᠤ ᠠᠴᠠ ᠭᠠᠳᠠᠨ᠎ᠠ ᠪᠠᠰᠠ ᠢᠩᠭᠡᠨ ᠰᠠᠭᠠᠯᠢ ᠬᠢᠳᠡᠭ᠂ ᠵᠠᠩ ᠴᠢᠯᠠᠭᠤ ᠶᠢᠨ ᠬᠢᠨ ᠴᠦ ᠠᠳᠠᠯᠢ᠃ ᠲᠡᠳᠡᠨᠡᠶᠢᠬᠢ 100 ᠭᠠᠷᠤᠢ ᠲᠡᠮᠡᠭᠡ ᠲᠠᠢ ᠠᠵᠢ᠃ ᠬᠡᠬᠦ ᠳᠡᠭᠡᠨ ᠤᠷᠴᠢᠮ ᠤᠨ ᠬᠤᠶᠠᠷ ᠵᠢᠯ ᠭᠠᠩ ᠭᠠᠴᠢᠭ ᠲᠠᠢ᠂ ᠪᠠᠰᠠ ᠨᠠᠰᠢ ᠴᠠᠰᠢ ᠪᠠᠶᠢᠩᠭᠤ ᠶᠠᠪᠤᠵᠦ ᠰᠠᠭᠤᠬᠤ ᠤᠴᠢᠷ ᠠᠴᠠ ᠪᠠᠨ ᠪᠤᠯᠤᠭᠠᠳ ᠠᠷᠪᠠᠭᠠᠳ ᠯᠠ ᠢᠡᠭᠬᠡ ᠰᠠᠭᠠᠳᠠᠭ ᠪᠠᠶᠢᠨ᠎ᠠ᠃ ᠵᠠᠩ ᠴᠢᠯᠠᠭᠤ᠄ ︽ᠤᠶᠢᠷ᠎ᠠ ᠶᠢᠨ ᠬᠤᠶᠠᠷ ᠵᠢᠯ ᠭᠠᠩ ᠲᠠᠢ᠂ ᠲᠡᠬᠡᠷ᠎ᠠ ᠠᠴᠠ ᠨᠢ ᠮᠠᠯ ᠤᠨ ᠠᠰᠢᠭ ᠰᠢᠮ᠎ᠡ ᠶᠢᠨ ᠦᠨ᠎ᠠ ᠠᠨᠠᠢ᠃ ᠨᠢᠳᠤᠨᠤᠨ ᠲᠡᠮᠡᠭᠡᠨ ᠨᠤᠤᠰᠤ ᠺᠢᠯᠦᠭᠷᠡᠮ ᠪᠦᠷᠢ ᠳᠡᠭᠡᠨ 50 ᠲᠦᠭᠦᠷᠢᠭ᠂ ᠵᠤᠭᠳᠤᠷ 30 ᠲᠦᠭᠦᠷᠢᠭ ᠲᠤ ᠯᠠ ᠬᠦᠷᠦᠭᠰᠡᠨ᠃ ᠵᠠᠭᠤ ᠭᠠᠷᠤᠢ ᠲᠡᠮᠡᠭᠡᠨ ᠤ ᠵᠤᠭᠳᠤᠷ ᠨᠤᠤᠰᠤ ᠶᠢᠨ ᠤᠷᠤᠯᠭ᠎ᠠ ᠲᠦᠩᠭᠡᠭᠡᠳ 2 ᠲᠦᠮᠡᠨ ᠲᠦᠭᠦᠷᠢᠭ ᠬᠦᠷᠬᠦ ᠲᠠᠢ ᠦᠬᠡᠢ ᠲᠠᠢ ᠪᠠᠶᠢᠬᠰᠠᠨ︾ ᠭᠡᠯ᠎ᠠ᠃ ᠨᠢᠳᠤᠨᠤᠨ ᠤ ᠪᠠᠶᠢᠳᠠᠯ ᠠᠴᠠ ᠦᠵᠡᠪᠡᠯ᠂ ᠲᠡᠳᠡᠨ ᠤ ᠲᠡᠮᠡᠭᠡ ᠬᠤᠳᠠᠯᠳᠤᠬᠰᠠᠨ ᠤᠷᠤᠯᠭ᠎ᠠ ᠨᠢ 5 ᠲᠦᠮᠡ ᠭᠠᠷᠤᠢ ᠲᠦᠭᠦᠷᠢᠭ᠂ ᠲᠡᠮᠡᠭᠡ ᠪᠦᠷᠢ ᠲᠡᠭᠰᠢᠳᠬᠡᠭᠡᠳ 7000 ᠲᠦᠭᠦᠷᠢᠭ ᠲᠤ ᠯᠠ ᠬᠦᠷᠦᠭᠰᠡᠨ ᠠᠵᠢ᠃ ᠬᠡᠳᠦᠢ ᠲᠠᠶᠢᠮᠦ ᠪᠠᠶᠢᠬᠰᠠᠨ ᠴᠤ ᠲᠡᠷᠡᠪᠡᠷ ︽ᠴᠤᠯ ᠪᠠᠶᠢᠭᠠᠯᠢᠯᠢᠭ ᠮᠠᠯᠵᠢᠬᠤ ᠦᠢᠯᠡᠳᠪᠦᠷᠢᠯᠡᠯ ᠤᠨ ᠠᠰᠢᠭ ᠤᠷᠤᠯᠭ᠎ᠠ ᠨᠢ ᠤᠳᠤᠬᠠᠨ ᠳᠠᠭᠠᠨ ᠪᠢᠳᠡᠨ ᠤ ᠠᠮᠢᠳᠤᠷᠠᠯ ᠤᠨ ᠱᠠᠭᠠᠷᠳᠠᠯᠭ᠎ᠠ ᠬᠡᠷᠡᠭᠴᠡᠭᠡ ᠶᠢ ᠬᠠᠩᠭᠠᠵᠦ ᠲᠡᠶᠢᠯᠵᠦ ᠪᠠᠶᠢᠨ᠎ᠡ︾ ᠬᠡᠵᠦ ᠪᠠᠶᠢᠬᠰᠠᠨ ᠪᠦᠬᠡᠳ ︽ᠬᠡᠬᠦ ᠳᠡᠭᠡᠨ ᠬᠤᠶᠢᠰᠢᠳᠡ ᠪᠢᠳᠡ ᠠᠮᠢ ᠠᠬᠤᠢ ᠪᠠᠨ ᠬᠠᠮᠠᠭᠠᠯᠠᠵᠦ᠂ ᠪᠠᠶᠢᠭᠠᠯᠢ ᠤᠷᠴᠢᠨ ᠢᠶᠠᠨ ᠨᠠᠩ ᠵᠦᠢ ᠵᠤᠬᠢᠰᠳᠠᠢ ᠠᠰᠢᠬᠯᠠᠬᠤ ᠬᠡᠷᠡᠭᠳᠡᠢ ᠪᠠᠶᠢᠨ᠎ᠠ᠂ ᠮᠦᠨ ᠬᠦ ᠵᠠᠭ᠂ ᠴᠠᠭᠠᠨ ᠭᠤᠶᠤᠤ᠂ ᠲᠡᠮᠡᠭᠡ ᠮᠠᠯ ᠤᠨ ᠠᠰᠢᠭ ᠰᠢᠮ᠎ᠡ ᠶᠢᠨ ᠪᠤᠷᠤᠯᠠᠭᠤᠯᠭ᠎ᠠ ᠶᠢᠨ ᠠᠷᠭ᠎ᠠ ᠵᠠᠮ ᠢᠶᠠᠨ ᠦᠷᠭᠡᠳᠭᠡᠬᠦ ᠴᠤ ᠨᠢ ᠨᠢᠳᠤᠨ ᠡᠮᠤᠨ᠎ᠡ ᠲᠤᠯᠭᠠᠷᠠᠵᠦ ᠪᠠᠶᠢᠭ᠎ᠠ ᠶᠠᠪᠤᠳᠠᠯ ᠪᠤᠯᠤᠯ᠎ᠠ︾ ᠭᠡᠵᠦ ᠰᠠᠨᠠᠭᠠᠰᠢᠷᠠᠵᠦ ᠪᠠᠶᠢᠵᠦ ᠪᠢᠯᠠ᠃ ᠠᠶᠢᠯ ᠠᠶᠢᠯ ᠤᠨ ᠠᠮᠢᠳᠤᠷᠠᠯ ᠤᠨ ᠠᠷᠭ᠎ᠠ ᠬᠡᠯᠪᠡᠷᠢ ᠪᠦᠷ ᠯᠡ ᠵᠦᠷᠢᠶ᠎ᠠ ᠲᠠᠢ᠃ ᠪᠠᠰᠠ ᠵᠠᠷᠢᠮ ᠨᠢ ᠬᠦᠮᠦᠨ ᠪᠦᠯᠢ ᠴᠦᠭᠡᠨ ᠪᠤᠶᠤ ᠠᠵᠢᠯ ᠠᠮᠵᠢᠯᠳᠤᠬᠤ ᠦᠭᠡᠢ ᠵᠡᠷᠭᠡ ᠰᠢᠯᠳᠠᠭᠠᠨ ᠠᠴᠠ ᠵᠢᠯ ᠳᠡᠭᠡᠨ ᠪᠠᠭ᠎ᠠ ᠰᠠᠭ᠎ᠠ ᠯᠠ ᠭᠤᠶᠤᠤ ᠮᠠᠯᠳᠠᠳᠠᠭ ᠨᠢ ᠪᠤᠢ᠃ ᠲᠤᠬᠠᠢᠢᠯᠠᠪᠠᠯ᠂ ᠦᠷᠦᠨᠳᠤᠶᠠᠭ᠎ᠠ ᠭᠠᠴᠡᠭᠠᠨ ᠤ ᠴᠠᠭᠠᠨ ᠲᠤᠯᠤᠭᠠᠢ ᠬᠡᠮᠡᠬᠦ ᠭᠠᠵᠠᠷ ᠰᠠᠭᠤᠷᠢᠰᠢᠳᠠᠬ ᠮᠠᠯᠴᠢᠨ ᠰᠤᠶᠤᠯᠲᠤ᠂ ᠰᠡᠴᠡᠡᠭᠡᠷᠡᠯ ᠤᠨ ᠬᠢᠨ ᠬᠠᠪᠤᠷ ᠲᠡᠮᠡᠭᠡ ᠮᠠᠯ ᠭᠡᠵᠦ ᠶᠠᠭᠠᠷᠠᠳᠠᠭ ᠪᠤᠯᠬᠤᠷ ᠵᠠᠷᠢᠮ ᠳᠠᠭᠠᠨ ᠰᠡᠴᠡᠡᠭᠡᠷᠡᠯ ᠭᠠᠭᠴᠠᠭᠠᠷ ᠭᠤᠶᠤᠤ ᠮᠠᠯᠳᠠᠳᠠᠭ᠃ ᠨᠢᠳᠤᠨᠤᠨ ᠲᠡᠳᠡᠨᠡᠶᠢᠬᠢᠨ ᠮᠠᠯᠳᠠᠭᠰᠡᠨ ᠭᠤᠶᠤᠤ ᠪᠠᠨ ᠲᠠᠷᠦ᠋ᠢᠬᠠᠨ ᠪᠤᠷᠤᠯᠠᠭᠤᠯᠤᠭᠰᠡᠨ ᠦᠭᠡᠢ᠃ ᠬᠠᠷᠢᠨ ᠴᠠᠭᠠᠨ ᠭᠤᠶᠤᠤ ᠪᠠᠨ ᠬᠠᠳᠠᠭᠠᠭᠠᠳ 100 ᠭᠠᠷᠤᠢ ᠵᠢᠩ ᠬᠠᠳᠠᠭᠠᠮᠠᠯ ᠭᠤᠶᠤᠤ ᠪᠠᠨ ᠵᠢᠩ ᠤᠨ 200 ᠲᠦᠭᠦᠷᠢᠭ ᠪᠠᠷ ᠪᠤᠷᠤᠯᠠᠭᠤᠯᠵᠦ 3 ᠲᠦᠮᠡᠨ ᠲᠦᠭᠦᠷᠢᠭ ᠤᠨ ᠤᠷᠤᠯᠭ᠎ᠠ ᠤᠯᠵᠡᠢ᠃ ᠲᠡᠳᠡᠨᠡᠶᠢᠬᠢᠨ ᠪᠠᠰᠠ ᠵᠢᠯ ᠪᠦᠷᠢ ᠶᠢᠨ 11 ᠰᠠᠷ᠎ᠠ ᠠᠴᠠ ᠡᠬᠢᠯᠡᠵᠦ ᠢᠩᠭᠡᠨ ᠰᠠᠭᠠᠯᠢ ᠬᠢᠳᠡᠭ᠃ ︽ᠤᠳᠤ ᠪᠤᠯᠬᠤ ᠳᠤ ᠢᠩᠭᠡᠨ ᠰᠦ ᠰᠠᠭᠠᠯᠢ ᠠᠴᠠ ᠪᠠᠨ ᠲᠦᠮᠡ ᠭᠠᠷᠤᠢ ᠲᠦᠭᠦᠷᠢᠭ ᠤᠨ ᠤᠷᠤᠯᠭ᠎ᠠ ᠤᠯᠤᠭᠠᠳ ᠪᠠᠶᠢᠨ᠎ᠠ᠃ ᠦᠨᠦ ᠵᠢᠯ ᠤᠨ 4 ᠰᠠᠷ᠎ᠠ ᠶᠢᠨ ᠲᠤᠮᠳᠠᠴᠢ ᠪᠤᠯᠳᠠᠯ᠎ᠠ ᠮᠢᠩᠭᠠᠨ ᠵᠢᠩ ᠰᠠᠭᠠᠯᠢ ᠬᠢᠵᠦ 3 ᠲᠦᠮᠡᠨ ᠲᠦᠭᠦᠷᠢᠭ ᠤᠨ ᠤᠷᠤᠯᠭ᠎ᠠ ᠤᠯᠬᠤ ᠪᠠᠷ ᠲᠦᠰᠦᠪᠯᠡᠵᠦ ᠪᠤᠢ︾ ᠭᠡᠵᠦ ᠰᠡᠴᠡᠡᠭᠡᠷᠡᠯ ᠶᠠᠷᠢᠯ᠎ᠠ᠃ ᠲᠡᠳᠡᠨ ᠤ 100 ᠭᠠᠷᠤᠢ ᠲᠡᠮᠡᠭᠡ ᠲᠠᠢ᠂ ᠤᠳᠤ 21 ᠢᠩᠭᠡ ᠰᠠᠭᠠᠵᠦ᠂ ᠡᠳᠦᠷ ᠪᠦᠷᠢ 20 ᠭᠠᠷᠤᠢ ᠵᠢᠩ ᠰᠦ ᠰᠠᠭᠠᠯᠢ ᠠᠪᠳᠠᠭ ᠪᠠᠶᠢᠯ᠎ᠠ᠃ ᠡᠬᠦᠨ ᠠᠴᠠ ᠭᠠᠳᠠᠨ᠎ᠠ ᠲᠡᠮᠡᠭᠡᠨ ᠤ ᠨᠤᠤᠰᠤ ᠵᠤᠬᠳᠤᠷ ᠢᠶᠠᠨ ᠲᠠᠮᠤᠵᠦ ᠤᠷᠤᠯᠭ᠎ᠠ ᠤᠯᠳᠠᠭ ᠮᠠᠯᠴᠢᠨ ᠴᠤ ᠤᠯᠠᠨ᠃ ᠲᠦᠮᠡᠨᠴᠡᠴᠡᠭ ᠨᠠᠰᠤᠳᠠᠨ ᠪᠠᠳᠠᠢ ᠶᠢᠨ ᠵᠢᠷᠡᠨ ᠪᠠᠯᠭᠠᠰᠤᠨ ᠳᠤ ᠤᠮᠪᠤᠯᠤ ᠪᠠᠨ ᠬᠠᠷᠠᠵᠦ ᠰᠠᠭᠤᠬᠤ ᠳᠠᠭᠠᠨ ᠲᠡᠮᠡᠭᠡᠨ ᠤ ᠵᠤᠭᠳᠤᠷ ᠨᠤᠤᠰᠤ ᠪᠠᠷ ᠪᠤᠷᠠᠨᠳᠠᠭ᠂ ᠨᠤᠭᠲᠤ ᠵᠡᠷᠭᠡ ᠭᠡᠷᠡᠭᠰᠡᠯ ᠲᠠᠮᠤᠵᠦ ᠪᠠᠭ᠎ᠠ ᠦᠭᠡᠢ ᠤᠷᠤᠯᠭ᠎ᠠ ᠤᠯᠳᠠᠭ ᠠᠵᠢ᠃ ᠨᠠᠰᠤᠳᠠᠨ ᠤ ᠬᠢ ᠠᠮᠠ ᠪᠦᠯᠢ ᠵᠢᠷᠭᠤᠭᠠᠯᠠ᠂ 200 ᠭᠠᠷᠤᠢ ᠲᠡᠮᠡᠭᠡ ᠲᠠᠢ᠂ ᠵᠢᠯ ᠳᠡᠭᠡᠨ ᠲᠡᠮᠡᠭᠡᠨ ᠤ ᠨᠤᠤᠰᠤ ᠵᠤᠭᠳᠤᠷ ᠢᠶᠠᠨ ᠪᠤᠷᠤᠯᠠᠭᠤᠯᠤᠭᠠᠳ 2 ᠲᠦᠮᠡ ᠭᠠᠷᠤᠢ ᠲᠦᠭᠦᠷᠢᠭ ᠤᠨ ᠤᠷᠤᠯᠭ᠎ᠠ ᠤᠯᠵᠦ᠂ ᠪᠠᠰᠠ ᠨᠤᠤᠰᠤ ᠵᠤᠭᠳᠤᠷ ᠢᠶᠠᠷ ᠨᠤᠭᠳᠤ ᠪᠤᠷᠠᠨᠳᠠᠭ ᠲᠡᠷᠢᠬᠦᠳᠡᠨ ᠢ ᠲᠡᠮᠤᠵᠦ ᠪᠤᠷᠤᠯᠠᠭᠤᠯᠤᠭᠠᠳ ᠨᠡᠯᠢᠶᠡᠳ ᠤᠷᠤᠯᠭ᠎ᠠ ᠤᠯᠳᠠᠭ ᠪᠠᠶᠢᠨ᠎ᠠ᠃ ︽ᠰᠡᠳᠬᠢᠯ ᠳᠡᠭᠡᠨ ᠭᠠᠯ ᠲᠠᠢ ᠪᠠᠶᠢᠪᠡᠯ ᠵᠤᠤᠬᠠᠨ ᠳᠤ ᠭᠠᠯ ᠤᠯᠳᠠᠨ᠎ᠠ︾ ᠬᠡᠳᠡᠭ ᠢᠶᠠᠷ ᠤᠬᠠᠭᠠᠨ ᠰᠠᠮᠪᠠᠭ᠎ᠠ᠂ ᠠᠵᠢᠯᠴᠢ ᠰᠢᠷᠭᠠᠭᠤ ᠪᠠᠶᠢᠪᠠᠯ ᠠᠵᠦ ᠠᠮᠢᠳᠤᠷᠠᠯ ᠠᠶᠠᠨᠳᠠᠭᠠᠨ ᠦᠬᠡᠳᠡᠷᠭᠡᠭ ᠪᠤᠯᠬᠤ ᠨᠢ ᠵᠦᠢ᠃ ᠦᠷᠦᠨᠳᠤᠶᠠᠭ᠎ᠠ ᠭᠠᠴᠠᠭᠠᠨ ᠤ ᠬᠢᠨ ᠲᠡᠮᠡᠭᠡ ᠵᠠᠭ ᠢᠶᠠᠨ ᠲᠦᠰᠢᠵᠦ᠂ ᠴᠤᠯ ᠪᠠᠶᠢᠭᠠᠯᠢᠯᠢᠭ ᠮᠠᠯᠵᠢᠯ ᠤᠶᠢᠯᠡᠳᠪᠤᠷᠢᠯᠡᠯ ᠢᠶᠠᠨ ᠡᠵᠡᠩᠨᠡᠨ᠂ ᠦᠪᠡᠷ ᠦᠪᠡᠷ ᠤᠨ ᠤᠨᠴᠠᠯᠢᠭ ᠲᠠᠢ᠂ ᠠᠮᠢᠳᠤᠷᠠᠯ ᠳᠠᠭᠠᠨ ᠲᠤᠬᠢᠷᠠᠭᠰᠡᠨ ᠠᠷᠭ᠎ᠠ ᠬᠡᠯᠪᠠᠷᠢ ᠪᠠᠷ ᠤᠷᠤᠯᠭ᠎ᠠ ᠪᠠᠨ ᠨᠡᠮᠡᠭᠳᠡᠭᠦᠯᠵᠦ᠂ ᠠᠮᠢᠳᠤᠷᠠᠯ ᠤᠨ ᠭᠡᠷᠡᠭᠴᠡᠭᠡ ᠪᠠᠨ ᠬᠠᠩᠭᠠᠵᠦ ᠪᠠᠶᠢᠨ᠎ᠡ᠃ ᠮᠦᠨ ᠴᠦ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠢᠶᠠᠷ ᠬᠦᠮᠦᠨ ᠪᠦᠷᠢ ᠵᠤᠬᠢᠬᠤ ᠲᠤᠭᠠᠨ ᠤ ᠨᠦᠭᠦᠪᠦᠷᠢ ᠮᠦᠩᠭᠦ ᠬᠦᠷᠳᠡᠵᠦ᠂ ᠠᠷᠢᠭᠤᠨ ᠬᠦᠳᠡᠯᠮᠤᠷᠢ ᠪᠠᠷ ᠢᠶᠠᠨ ᠲᠡᠨᠢᠬᠦᠨ ᠰᠠᠶᠢᠬᠠᠨ ᠠᠮᠢᠳᠤᠷᠠᠵᠦ ᠪᠠᠶᠢᠨ᠎ᠠ᠃ ᠲᠡᠬᠡᠷ᠎ᠠ ᠲᠤᠷᠠᠳᠤᠬᠰᠠᠨ ᠬᠡᠳᠦᠨ ᠠᠶᠢᠯ ᠪᠤᠯ ᠠᠮᠢᠳᠤᠷᠠᠯ ᠤᠷᠤᠯᠭ᠎ᠠ ᠶᠢᠨ ᠲᠠᠯ᠎ᠠ ᠪᠠᠷ ᠪᠦᠷ ᠨᠠᠶᠢᠳᠡᠯᠢᠭ ᠪᠤᠯᠬᠤᠢᠢᠴᠠ ᠠᠶᠢᠯ ᠡᠷᠦᠬᠡ ᠶᠤᠮ᠃ ᠡᠨᠡ ᠨᠤᠳᠤᠭ ᠤᠨ ᠬᠢᠨ ᠡᠨᠡ ᠯᠠ ᠶᠠᠩᠵᠦ ᠪᠠᠷ ᠠᠵᠦ ᠲᠦᠷᠦᠵᠦ ᠪᠠᠶᠢᠭ᠎ᠠ᠃ ᠲᠤᠳᠤᠷᠠᠭᠤᠯᠵᠦ ᠶᠠᠷᠢᠪᠠᠯ᠂ ᠦᠷᠦᠨᠳᠤᠶᠠᠭ᠎ᠠ ᠭᠠᠴᠠᠭ᠎ᠠ 5050 ᠲᠡᠭᠰᠢ ᠲᠦᠷᠪᠡᠯᠵᠢᠨ ᠺᠢᠯᠤᠮᠧᠲᠷ ᠨᠤᠲᠤᠭ ᠲᠡᠪᠢᠰᠭᠡᠷ ᠲᠠᠢ᠂ 134 ᠡᠷᠤᠭᠡ᠂ 310 ᠬᠦᠮᠦᠨ ᠠᠮᠠ ᠲᠠᠢ᠃ ᠪᠦᠬᠦ ᠭᠠᠴᠠᠭ᠎ᠠ 4500 ᠭᠠᠷᠤᠢ ᠲᠡᠮᠡᠭᠡ ᠲᠠᠢ᠂ 160 ᠲᠦᠮᠡᠨ ᠮᠦ ᠵᠠᠭ ᠤᠨ ᠤᠢ ᠲᠠᠢ᠂ ᠵᠢᠯ ᠤᠨ ᠴᠠᠭᠠᠨ ᠭᠤᠶᠤᠤ ᠶᠢᠨ ᠤᠨᠠᠯᠲᠠ ᠨᠢ 75 ᠲᠤᠨ ᠢ ᠲᠠᠪᠠᠳᠠᠭ ᠠᠵᠢ᠃ ᠬᠦᠮᠦᠨ ᠪᠦᠷᠢ ᠳᠤ ᠲᠡᠭᠰᠢᠳᠬᠡᠪᠡᠯ 15 ᠲᠡᠮᠡᠭᠡ᠂ 500 ᠤᠷᠴᠢᠮ ᠵᠢᠩ ᠴᠠᠭᠠᠨ ᠭᠤᠶᠤᠤ ᠨᠤᠬᠳᠠᠨ᠎ᠠ᠃ ᠡᠨᠡ ᠨᠢ ᠲᠡᠭᠷᠢ ᠪᠠᠶᠢᠭᠠᠯᠢ ᠠᠴᠠ ᠰᠤᠶᠤᠷᠬᠠᠬᠰᠠᠨ ᠬᠡᠰᠢᠭ ᠬᠡᠯᠳᠡᠢ᠃ ᠨᠦᠬᠦᠬᠡ ᠲᠠᠯ᠎ᠠ ᠪᠠᠷ ᠢᠡᠭᠬᠡᠨ ᠰᠦ ᠰᠠᠭᠠᠯᠢ ᠶᠢᠨ ᠵᠠᠬ᠎ᠠ ᠲᠡᠯᠬᠡᠭᠦᠷ ᠦᠷᠬᠡᠵᠢᠵᠦ᠂ ᠤᠷᠤᠯᠭ᠎ᠠ ᠰᠠᠶᠢᠨ ᠪᠤᠯᠤᠬᠰᠠᠨ ᠲᠠᠢ ᠬᠤᠯᠪᠤᠭ᠎ᠠ ᠲᠠᠢ᠂ ᠡᠨᠡ ᠨᠢ ᠮᠦᠨ ᠴᠤ ᠴᠠᠰᠢᠳᠠ ᠦᠷᠬᠦᠯᠵᠢᠯᠡᠨ ᠬᠦᠭᠵᠢᠬᠦ ᠲᠤᠮᠤ ᠤᠷᠤᠨ ᠵᠠᠢ ᠲᠠᠢ ᠠᠵᠦ ᠠᠬᠤᠢ ᠶᠢᠨ ᠲᠠᠯᠳᠠ ᠬᠦᠴᠦᠨ ᠶᠤᠮ᠃ ᠲᠡᠮᠡᠬᠡᠨ ᠪᠤᠶᠠᠨ ᠳᠤ ᠬᠤᠳᠤᠯᠵᠠᠬᠰᠠᠨ ᠵᠠᠭ ᠲᠠᠢ ᠨᠤᠳᠤᠬ ᠠᠴᠠ ᠡᠶᠢᠨᠬᠦ ᠲᠠᠨᠢᠬᠦᠨ ᠠᠮᠢᠳᠤᠷᠠᠯ ᠤᠨ ᠵᠢᠪᠬᠤᠭ᠎ᠠ ᠲᠤᠳᠤᠬᠠᠨ ᠪᠠᠶᠢᠯ᠎ᠠ᠃ ᠰᠤᠷᠪᠤᠯᠵᠢᠯᠠᠬᠰᠠᠨ ᠤ ᠲᠠᠷᠠᠭᠠᠬᠢ ᠲᠦᠷᠦᠭᠳᠡᠯ᠄ ᠴᠤᠯ ᠪᠠᠶᠢᠭᠠᠯᠢᠯᠢᠭ ᠢᠶᠠᠷ ᠮᠠᠯ ᠮᠠᠯᠵᠢᠨ᠂ ᠲᠡᠮᠡᠭᠡᠨ ᠤ ᠠᠰᠢᠭ ᠰᠢᠮ᠎ᠡ ᠶᠢ ᠪᠤᠷᠤᠯᠠᠭᠤᠯᠤᠨ᠂ ᠭᠤᠶᠤᠤ ᠪᠠᠨ ᠭᠠᠳᠠᠭᠰᠢ ᠭᠠᠷᠭᠠᠬᠤ ᠨᠢ ᠮᠠᠯᠴᠢᠳ ᠤᠨ ᠭᠤᠤᠯ ᠤᠷᠤᠯᠭ᠎ᠠ ᠶᠢᠨ ᠢᠷᠡᠯᠳᠡ ᠪᠤᠯᠵᠦ ᠪᠠᠶᠢᠨ᠎ᠡ᠃ ᠮᠠᠯᠴᠢᠳ ᠤᠯᠠᠮᠵᠢᠯᠠᠯᠲᠤ ᠮᠠᠯᠵᠢᠯ ᠠᠮᠢᠳᠤᠷᠠᠯ ᠢᠶᠠᠨ ᠲᠡᠭᠡᠳᠤᠯᠡᠵᠦ᠂ ᠪᠠᠶᠢᠭᠠᠯᠢ ᠤᠷᠴᠢᠨ ᠲᠠᠢ ᠪᠠᠨ ᠵᠤᠬᠢᠴᠠᠯᠳᠤᠬᠤ ᠨᠢ ᠰᠠᠶᠢᠬᠠᠨ᠃ ᠭᠡᠪᠡᠴᠦ ᠤᠶᠢᠷ᠎ᠡ ᠶᠢᠨ ᠬᠤᠶᠠᠷ ᠵᠢᠯ ᠤᠨ ᠪᠠᠶᠢᠭᠠᠯᠢ ᠤᠷᠴᠢᠨ ᠤ ᠮᠠᠭᠤᠳᠠᠯ ᠢ ᠤᠮᠳᠤᠭᠠᠶᠢᠯᠠᠬᠤ ᠶᠢᠨ ᠠᠷᠭ᠎ᠠ ᠦᠭᠡᠢ᠃ ᠬᠤᠷ᠎ᠠ ᠲᠤᠨᠤᠳᠠᠰᠤ ᠪᠠᠭ᠎ᠠ᠂ ᠪᠡᠯᠴᠢᠭᠡᠷ ᠲᠠᠴᠢᠷᠳᠠᠬᠤ ᠵᠡᠷᠭᠡ ᠨᠢ ᠪᠦᠷ ᠮᠠᠯᠴᠢᠳ ᠤᠨ ᠠᠮᠢᠳᠤᠷᠠᠯ ᠢ ᠨᠦᠯᠦᠭᠡᠯᠡᠵᠦ ᠪᠤᠢ᠃ ᠪᠠᠶᠢᠭᠠᠯᠢ ᠤᠷᠴᠢᠨ ᠢᠶᠠᠨ ᠬᠠᠶᠢᠷᠠᠯᠠᠨ ᠬᠢᠮᠠᠭᠠᠳᠠᠬᠤ ᠶᠢᠨ ᠲᠠᠭᠠᠤ ᠳᠤ ᠰᠢᠨ᠎ᠡ ᠭᠦᠭᠵᠢᠯᠲᠡ ᠶᠢᠨ ᠵᠠᠮ ᠢ ᠰᠦᠪᠡᠭᠴᠢᠯᠡᠬᠦ ᠨᠢ ᠴᠤ ᠲᠤᠯᠭᠠᠮ᠎ᠠ ᠪᠤᠯᠵᠦ ᠪᠠᠶᠢᠨ᠎ᠠ᠃ ᠴᠠᠭ ᠦᠶ᠎ᠡ ᠶᠢᠨ ᠬᠦᠭᠵᠢᠯᠲᠡ ᠬᠤᠪᠢᠷᠠᠯᠲᠠ ᠳᠤ ᠵᠤᠬᠢᠴᠠᠭᠤᠯᠤᠨ᠂ ᠪᠠᠶᠢᠭᠠᠯᠢᠯᠢᠭ ᠪᠠ ᠰᠢᠨᠡᠴᠢᠯᠡᠯᠲᠡ ᠶᠢ ᠤᠶᠠᠯᠳᠤᠭᠤᠯᠤᠬᠰᠡᠨ ᠰᠢᠨ᠎ᠡ ᠠᠮᠢᠳᠤᠷᠠᠯ ᠤᠶᠢᠯᠡᠳᠪᠤᠷᠢᠯᠡᠯ ᠤᠨ ᠠᠷᠭ᠎ᠠ ᠮᠠᠶ᠋ᠢᠭ ᠢ ᠪᠤᠢ ᠪᠤᠯᠭᠠᠪᠠᠯ ᠵᠤᠬᠢᠨ᠎ᠠ᠃ ᠤᠳᠤ ᠬᠦᠮᠦᠰ ᠴᠤᠯ ᠪᠠᠶᠢᠭᠠᠯᠢᠯᠢᠭ ᠪᠦᠳᠦᠭᠡᠭᠳᠡᠭᠦᠨ ᠢ ᠭᠦᠭᠡᠭᠡᠴᠡᠯᠳᠤᠵᠦ᠂ ᠪᠡᠶ᠎ᠡ ᠮᠠᠬᠠᠪᠤᠳ᠂ ᠤᠶᠤᠨ ᠰᠠᠨᠠᠭᠠᠨ ᠤ ᠡᠷᠡᠭᠦᠯ ᠮᠠᠨᠳᠤ ᠶᠢ ᠴᠢᠬᠤᠯᠠᠴᠢᠯᠠᠬᠤ ᠪᠤᠯᠵᠡᠢ᠃ ᠡᠭᠦᠨ ᠳᠤ ᠬᠠᠨᠳᠤᠭᠤᠯᠵᠦ ᠨᠤᠲᠤᠭ ᠤᠨ ᠢᠶᠠᠨ ᠪᠠᠶᠢᠭᠠᠯᠢᠯᠢᠭ ᠭᠠᠷᠤᠯᠳᠠ ᠪᠠᠨ ᠲᠠᠸᠠᠷᠵᠢᠭᠤᠯᠵᠦ᠂ ᠪᠤᠷᠤᠯᠠᠭᠤᠯᠭ᠎ᠠ ᠶᠢᠨ ᠵᠠᠮ ᠢᠶᠠᠨ ᠦᠷᠭᠡᠳᠭᠡᠨ ᠵᠠᠬ᠎ᠠ ᠲᠡᠯᠭᠡᠭᠦᠷ ᠲᠤ ᠵᠤᠬᠢᠴᠠᠭᠤᠯᠵᠦ ᠡᠵᠡᠩᠨᠡᠯᠳᠡ ᠬᠢᠬᠦ ᠶᠢᠨ ᠲᠠᠭᠠᠤ ᠠᠮᠢ ᠠᠬᠤᠢ ᠪᠠᠨ ᠦᠷᠭᠦᠯᠵᠢᠯᠡᠨ ᠬᠠᠮᠠᠭᠠᠯᠠᠵᠦ᠂ ᠦᠢᠯᠡᠳᠪᠦᠷᠢᠯᠡᠯ ᠡᠵᠡᠩᠨᠡᠯᠳᠡ ᠶᠢᠨ ᠤᠷᠳᠤ ᠤᠳᠠᠭᠠᠨ ᠭᠦᠭᠵᠢᠯᠲᠡ ᠶᠢᠨ ᠡᠬᠦᠳᠡᠨ ᠠᠴᠠ ᠬᠠᠮᠠᠭᠠᠯᠠᠬᠤ᠂ ᠪᠠᠶᠢᠭᠤᠯᠬᠤ᠂ ᠬᠦᠭᠵᠢᠭᠦᠯᠬᠦ ᠶᠢ ᠵᠦᠢ ᠵᠤᠬᠢᠰᠳᠠᠢ ᠤᠶᠠᠯᠳᠤᠭᠤᠯᠬᠤ ᠴᠢᠬᠤᠯᠠᠳᠠᠢ ᠪᠠᠶᠢᠨ᠎ᠠ᠃ ᠢᠷᠡᠯᠲᠡ᠄ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ ᠮᠠᠨᠳᠠᠷᠸ᠎ᠠ ᠬᠠᠩᠭᠠᠪᠠ
 
   
 
 
  
 
2014-2015 ©                      蒙ICP备05070829号