| ᠮᠤᠩᠭᠤᠯ ᠦᠨᠳᠦᠰᠦᠳᠠᠨ ᠮᠢᠨᠢ ᠡᠷᠳᠡ | ᠲᠡᠬᠡᠳᠦ ᠶᠢᠨ ᠦᠶ᠎ᠠ ᠠᠴᠠ ᠪᠠᠨ ᠠᠪᠤᠭᠠᠳ | ᠮᠠᠯ ᠮᠠᠯᠵᠢᠵᠤ᠂ ᠮᠠᠯ ᠢᠶᠠᠨ ᠦᠰᠬᠡᠨ᠂ | ᠮᠠᠯ ᠢᠶᠠᠨ ᠠᠷᠠᠯᠵᠢᠵᠤ ᠬᠤᠳᠠᠯᠳᠤᠬᠤ ᠪᠤᠶᠤ | ᠮᠠᠯ ᠤᠨ ᠠᠰᠢᠭ ᠰᠢᠮ᠎ᠡ᠂ ᠠᠷᠠᠰᠦ ᠨᠤᠤᠰᠦ ᠪᠠᠨ | ᠡᠳ᠋ᠰᠢᠯᠡᠬᠦᠯᠦᠨ ᠪᠤᠯᠪᠠᠰᠤᠷᠠᠭᠤᠯᠵᠤ᠂ | ᠢᠳᠡᠵᠤ ᠡᠮᠦᠰᠬᠦ ᠪᠠ ᠮᠠᠯ ᠤᠨ ᠮᠢᠬ᠎ᠠ ᠰᠦ᠂ | ᠴᠠᠭᠠᠨ ᠢᠳᠡᠬᠡᠨ ᠢᠶᠠᠷ ᠭᠤᠤᠯ ᠬᠤᠭᠤᠯᠠ | ᠤᠮᠳᠠ ᠪᠠᠨ ᠪᠤᠯᠭᠠᠵᠤ᠂ ᠠᠵᠤ ᠠᠮᠢᠳᠤᠷᠠᠵᠤ | ᠢᠷᠡᠭᠰᠠᠨ ᠲᠡᠥᠬᠡ ᠲᠠᠢ ᠪᠢᠯᠡ᠃ ᠲᠠᠳᠠ | ᠵᠢᠯ ᠤᠨ ᠲᠦᠷᠪᠡᠨ ᠤᠯᠠᠷᠢᠯ ᠢᠶᠠᠷ ᠨᠡᠬᠦᠵᠤ | ᠪᠠᠭᠤᠨ ᠤᠳᠤᠷᠯᠠᠵᠤ ᠮᠠᠯᠵᠢᠬᠤ ᠳᠠᠭᠠᠨ | ᠨᠤᠳᠤᠭ ᠰᠢᠷᠦᠢ᠂ ᠤᠰᠤ ᠪᠠᠯᠴᠢᠬᠡᠷ ᠢᠶᠠᠨ | ᠲᠤᠬᠢᠷᠠᠮᠵᠢᠳᠠᠢ ᠰᠤᠩᠭᠤᠨ᠂ ᠨᠢᠮᠪᠠᠢ | ᠲᠤᠬᠢᠷᠠᠭᠤᠯᠳᠠᠭ᠄ | ᠨᠢᠬᠡ᠂ ᠵᠤᠰᠠᠯᠠᠩ ᠤᠨ ᠨᠤᠳᠤᠭ ᠢ | ᠰᠤᠩᠭᠤᠬᠤ ᠳᠠᠭᠠᠨ ᠭᠤᠤᠯ ᠲᠠᠢ | ᠨᠠᠭᠤᠷ ᠲᠠᠢ᠂ ᠲᠠᠯ᠎ᠠ ᠲᠠᠢ ᠪᠠᠯᠴᠢᠬᠡᠷ | ᠲᠠᠢ ᠰᠠᠷᠠᠭᠤᠯ ᠠᠭᠤᠳᠠᠮ ᠲᠤᠬᠢᠯᠢᠭ | ᠭᠠᠵᠠᠷ ᠢ ᠰᠤᠩᠭᠤᠨ᠎ᠠ᠃ ᠵᠤᠨ ᠤ ᠤᠯᠠᠷᠢᠯ ᠪᠤᠯ | ᠲᠦᠷᠦᠯ ᠪᠦᠷᠢ ᠶᠢᠨ ᠮᠠᠯ ᠢ ᠤᠰᠤᠨ ᠲᠠᠷᠭᠤ | ᠠᠪᠤᠭᠤᠯᠬᠤ ᠴᠠᠭ ᠬᠤᠭᠤᠴᠠᠭ᠎ᠠ ᠪᠤᠯᠬᠤᠷ | ᠵᠠᠪᠠᠯ ᠤᠰᠤ ᠶᠢ ᠬᠦᠢᠴᠠᠳ ᠬᠠᠩᠭᠠᠬᠤ | ᠬᠡᠷᠡᠭᠳᠡᠢ᠃ ᠵᠤᠨ ᠤ ᠤᠯᠠᠷᠢᠯ ᠳᠤ ᠤᠰᠤᠨ | ᠲᠠᠷᠭᠤ ᠮᠠᠭᠤ ᠠᠪᠤᠬᠰᠠᠨ ᠮᠠᠯ ᠨᠠᠮᠤᠷ ᠤᠨ | ᠤᠯᠠᠷᠢᠯ ᠳᠤ ᠲᠤᠰᠤᠨ ᠲᠠᠷᠭᠤ ᠬᠡᠳᠦᠢ ᠰᠠᠶᠢᠨ | ᠠᠪᠤᠯ᠎ᠠ ᠬᠡᠳ ᠡᠪᠤᠯ ᠬᠠᠪᠤᠷ ᠤᠨ ᠬᠦᠢᠳᠡᠨ | ᠰᠢᠭᠤᠷᠭᠠᠨ ᠳᠤ ᠲᠠᠰᠪᠦᠷᠢ ᠦᠬᠡᠢ ᠪᠠᠶᠢᠵᠤ᠂ | ᠬᠦᠯᠳᠡᠬᠦᠦ ᠠᠯᠢᠮ᠎ᠠ ᠶᠢ ᠤᠰᠤᠨ ᠳᠤ ᠬᠢᠭᠰᠡᠨ | ᠲᠠᠢ ᠠᠳᠠᠯᠢ᠂ ᠤᠬᠤᠷᠬᠠᠨ ᠴᠠᠭ ᠤᠨ ᠲᠤᠳᠤᠷ᠎ᠠ | ᠮᠢᠬ᠎ᠠ ᠲᠠᠷᠭᠤ ᠨᠢ ᠪᠠᠭᠤᠷᠠᠵᠤ᠂ ᠬᠡᠬᠡᠯ | ᠬᠡᠳᠡᠰᠦ ᠨᠢ ᠬᠠᠮᠰᠢᠢᠭᠠᠳ ᠶᠠᠪᠤᠴᠢᠬᠠᠨ᠎ᠠ᠃ | ᠵᠤᠨ ᠤ ᠤᠯᠠᠷᠢᠯ ᠳᠤ ᠢᠯᠠᠭ᠎ᠠ ᠪᠠᠳᠠᠭᠠᠨ᠎ᠠ᠂ | ᠬᠡᠳᠡᠬᠡᠨ᠎ᠡ ᠰᠢᠮᠠᠭᠤᠯ ᠵᠡᠷᠭᠡ ᠬᠤᠷᠤᠬᠠᠢ | ᠰᠢᠪᠠᠵᠢ ᠠᠷᠪᠢᠨ ᠪᠤᠯᠬᠤᠷ ᠡᠷᠬᠡᠪᠰᠢ | ᠲᠡᠭᠰᠢᠯᠢᠭ ᠨᠤᠳᠤᠭ ᠢ ᠰᠤᠩᠭᠤᠵᠤ ᠬᠡᠷ ᠢᠶᠠᠨ | ᠪᠠᠷᠢᠵᠤ ᠮᠠᠯ ᠢᠶᠠᠨ ᠬᠤᠳᠠᠯᠠᠨ᠎ᠠ᠃ | ᠮᠠᠯ ᠢᠶᠠᠨ ᠬᠠᠷᠢᠭᠤᠯᠬᠤ ᠳᠠᠭᠠᠨ ᠠᠭᠤᠳᠠᠮ | ᠰᠠᠷᠠᠭᠤᠯ ᠲᠠᠯ᠎ᠠ ᠭᠠᠵᠠᠷ ᠢ ᠰᠤᠩᠭᠤᠨ᠎ᠠ᠃ | ᠵᠤᠨ ᠤ ᠴᠠᠭ ᠤᠨ ᠪᠤᠭ ᠮᠠᠯ ᠢ ᠦᠷᠯᠦᠭᠡ ᠡᠷᠳᠡ | ᠪᠡᠯᠴᠢᠭᠡᠷ ᠲᠤ ᠭᠠᠷᠭᠠᠬᠤ ᠳᠠᠭᠠᠨ | ᠡᠷᠭᠡᠪᠰᠢ ᠨᠠᠷᠠ ᠬᠠᠯᠠᠵᠤ ᠰᠢᠬᠦᠳᠠᠷᠢ | ᠡᠭ᠍ᠰᠢᠭ᠍ᠰᠡᠨ ᠤ ᠰᠡᠬᠦᠯᠡᠷ ᠰᠠᠶ᠋ᠢ | ᠭᠠᠷᠭᠠᠨ᠎ᠠ᠃ ᠡᠷᠳᠡ ᠶᠢᠨ ᠰᠢᠬᠦᠳᠠᠷᠢ ᠳᠤ | ᠪᠡᠯᠴᠢᠬᠡᠷ ᠲᠤ ᠭᠠᠷᠭᠠᠪᠠᠯ ᠪᠤᠭ ᠮᠠᠯ ᠲᠤᠭᠤᠯ | ᠡᠪᠡᠳᠴᠢᠨ ᠤᠯᠵᠤ ᠮᠢᠬ᠎ᠠ ᠲᠠᠷᠭᠤ ᠮᠠᠭᠤᠳᠠᠨ᠎ᠠ | ᠃ | ᠬᠤᠶᠠᠷ᠂ ᠨᠠᠮᠤᠷᠵᠢᠶᠠᠨ ᠤ ᠨᠤᠳᠤᠭ ᠢ | ᠲᠤᠬᠢᠷᠠᠭᠤᠯᠬᠤ ᠳᠠᠭᠠᠨ ᠬᠢᠷ᠎ᠠ᠂ ᠬᠠᠵᠠᠭᠤ | ᠳ᠋ᠧᠩ ᠭᠠᠵᠠᠷ ᠢ ᠰᠤᠩᠭᠤᠵᠤ ᠪᠠᠭᠤᠴᠠ ᠪᠠᠨ | ᠲᠤᠬᠢᠷᠠᠭᠤᠯᠬᠤ ᠪᠦᠬᠡᠳ ᠮᠠᠯ ᠢᠶᠠᠨ ᠨᠠᠭᠤᠷ᠂ | ᠰᠢᠷ᠎ᠠ ᠤᠰᠤᠨ ᠳᠤ ᠲᠤᠳᠠᠭᠤ ᠤᠷᠤᠭᠤᠯᠵᠤ᠂ | ᠴᠡᠪᠠᠷ ᠲᠤᠩᠭᠠᠯᠠᠭ ᠭᠤᠤᠯ ᠤᠨ ᠤᠰᠤ ᠪᠠᠷ | ᠬᠦᠢᠴᠠᠳ ᠤᠰᠤᠯᠠᠨ᠎ᠠ᠃ ᠨᠠᠢᠮᠠ᠂ ᠶᠢᠰᠦᠨ | ᠰᠠᠷ᠎ᠠ ᠶᠢᠨ ᠦᠶ᠎ᠡ ᠪᠠᠷ ᠲᠤᠰᠤᠨ ᠲᠠᠷᠭᠤ ᠶᠢ | ᠬᠦᠢᠴᠠᠳ ᠠᠪᠤᠭᠤᠯᠬᠤ ᠶᠢᠨ ᠲᠦᠯᠦᠭᠡ᠂ ᠪᠤᠭ | ᠮᠠᠯ ᠢ ᠬᠤᠶᠠᠷ ᠡᠳᠦᠷ ᠲᠤ ᠨᠢᠬᠡ ᠤᠳᠠᠭ᠎ᠠ | ᠤᠰᠤᠯᠠᠨ᠎ᠠ᠃ ᠨᠠᠮᠤᠷ ᠤᠨ ᠴᠠᠭ ᠤᠨ ᠶᠡᠭᠡ | ᠰᠡᠬᠦᠯ ᠲᠠᠢ ᠬᠤᠨᠢ ᠪᠠ ᠬᠤᠷᠠᠭᠠᠨ ᠤ | ᠰᠡᠬᠦᠯ ᠤᠨ ᠪᠠᠭᠠᠰᠦ ᠶᠢ ᠦᠷᠬᠦᠯᠵᠢ | ᠠᠷᠢᠯᠭᠠᠵᠤ᠂ ᠦᠳᠦᠵᠤ ᠬᠤᠷᠤᠬᠠᠶᠢᠳᠠᠬᠤ ᠶᠢ | ᠰᠡᠷᠬᠡᠶᠢᠯᠡᠨ᠎ᠡ᠃ ᠨᠠᠮᠤᠷ ᠤᠨ ᠴᠠᠭ ᠤᠨ ᠮᠠᠯ | ᠢ ᠤᠰᠤᠯᠠᠵᠤ ᠬᠤᠳᠠᠯᠠᠬᠤ ᠳᠠᠭᠠᠨ ᠮᠤᠷᠢ | ᠪᠠᠷ ᠲᠠᠭᠤᠬᠤ ᠪᠤᠶᠤ ᠬᠦᠶᠦᠯᠬᠡᠨ ᠲᠤᠰᠤᠨ | ᠬᠦᠯᠦᠰᠦ ᠭᠠᠷᠭᠠᠬᠤ ᠶᠢ ᠡᠷᠡᠰ | ᠴᠡᠭᠡᠷᠯᠡᠨ᠎ᠡ᠃ ᠨᠠᠮᠤᠷ ᠤᠨ ᠴᠠᠭ ᠤᠨ ᠮᠠᠯ ᠢ | ᠪᠠᠯᠴᠢᠬᠡᠷᠯᠡᠬᠦᠯᠬᠦ ᠳᠡᠭᠡᠨ ᠡᠪᠡᠰᠦᠨ | ᠰᠤᠷ ᠢ ᠬᠦᠬᠡᠬᠡᠵᠤ᠂ ᠦᠷ᠎ᠡ ᠲᠠᠢ ᠡᠪᠡᠰᠦ ᠶᠢ | ᠢᠯᠡᠬᠦᠦ ᠢᠳᠡᠬᠦᠯᠦᠨ᠎ᠡ᠃ | ᠭᠤᠷᠪᠠ ᠂ ᠡᠪᠦᠯᠵᠢᠶ᠎ᠡ ᠨᠤᠳᠤᠭ ᠢ | ᠰᠤᠩᠭᠤᠬᠤ ᠳᠠᠭᠠᠨ ᠠᠭᠤᠯᠠ ᠶᠢᠨ ᠨᠦᠮᠦᠷᠢ | ᠭᠠᠵᠠᠷ ᠢ ᠰᠤᠩᠭᠤᠵᠤ᠂ ᠡᠪᠤᠯ ᠤᠨ ᠴᠠᠰᠦ | ᠰᠢᠭᠤᠷᠭᠠᠨ ᠢ ᠰᠡᠷᠬᠡᠶᠢᠯᠡᠬᠦ ᠶᠢᠨ | ᠲᠦᠯᠦᠭᠡ ᠠᠭᠤᠯᠠᠨ ᠤ ᠡᠩᠬᠡᠷ᠂ ᠤᠢ ᠰᠢᠭᠤᠢ | ᠵᠤᠵᠠᠭᠠᠨ᠂ ᠢᠯᠠ ᠤᠰᠤ ᠲᠠᠢ᠂ ᠨᠠᠷᠠ ᠲᠤᠰᠬᠤ | ᠡᠬᠡᠪᠦᠷ ᠲᠤᠯᠠᠭᠠᠨ ᠨᠤᠳᠤᠭ ᠢ ᠰᠤᠩᠭᠤᠨ | ᠲᠤᠬᠢᠷᠠᠭᠤᠯᠤᠨ᠎ᠠ᠃ ᠡᠪᠦᠯ ᠶᠡᠭᠡ ᠴᠠᠰᠦ | ᠤᠷᠤᠵᠤ ᠰᠢᠭᠤᠷᠭᠠᠨ ᠲᠡᠭᠳᠡᠪᠡᠯ ᠠᠭᠤᠯᠠᠨ ᠤ | ᠡᠩᠬᠡᠷ ᠡᠬᠡᠪᠴᠢ ᠶᠢ ᠲᠠᠭᠠᠭᠤᠯᠵᠤ | ᠮᠠᠯ ᠢᠶᠠᠨ ᠬᠠᠷᠢᠭᠤᠯᠤᠨ᠎ᠠ᠃ ᠴᠠᠰᠦ ᠬᠦᠨ | ᠤᠷᠤᠪᠠᠯ ᠠᠭᠤᠯᠠᠨ ᠡᠩᠬᠡᠷ ᠤᠢ ᠰᠢᠭᠤᠢ | ᠵᠤᠵᠠᠭᠠᠨ ᠭᠠᠵᠠᠷ ᠢ ᠰᠤᠩᠭᠤᠬᠰᠠᠨ ᠲᠤᠯᠠ | ᠬᠤᠩᠬᠤᠷ ᠭᠠᠵᠠᠷ᠂ ᠭᠤᠤ ᠰᠤᠵᠠᠭ ᠲᠤ ᠬᠤᠷᠠᠵᠤ | ᠴᠤᠬᠯᠠᠷᠠᠬᠰᠠᠨ ᠮᠤᠳᠤᠨ ᠤ ᠨᠠᠪᠴᠢ | ᠯᠠᠪᠳᠠᠭᠤᠯ ᠢ ᠮᠠᠯ ᠳᠠᠭᠠᠨ ᠢᠳᠡᠬᠦᠯᠵᠤ ᠵᠤᠳ | ᠰᠢᠭᠤᠷᠭᠠᠨ ᠢ ᠠᠵᠢᠭ ᠦᠬᠡᠢ ᠬᠡᠳᠦᠯᠳᠡᠭ | ᠪᠠᠶᠢᠨ᠎ᠠ᠃ ᠡᠪᠤᠯ ᠤᠨ ᠤᠯᠠᠷᠢᠯ ᠳᠤ ᠮᠠᠯ ᠢ | ᠵᠠᠪᠠᠯ ᠬᠦᠢᠴᠠᠳ ᠤᠰᠤᠯᠬᠠᠤ ᠬᠡᠷᠡᠭᠳᠡᠢ᠂ | ᠦᠬᠡᠢ ᠪᠤᠯ ᠮᠠᠯ ᠤᠨ ᠬᠠᠯᠠᠭᠤᠨ ᠤ ᠬᠡᠮᠵᠢᠶ᠎ᠠ | ᠪᠠᠭᠤᠷᠠᠵᠤ ᠮᠠᠯ ᠪᠡᠬᠡᠷᠡᠵᠤ ᠲᠠᠭᠠᠷᠠᠬᠤ | ᠪᠦᠬᠡᠳ ᠮᠠᠯ ᠤᠨ ᠪᠠᠭᠠᠰᠦ ᠬᠤᠷᠭᠤᠰᠦᠯᠠᠵᠤ | ᠡᠴᠠᠵᠤ ᠲᠤᠷᠠᠨ᠎ᠠ᠃ ᠡᠪᠤᠯ ᠤᠨ ᠴᠠᠭ ᠤᠨ | ᠮᠠᠯ ᠤᠨ ᠬᠡᠪᠳᠡᠷᠢ ᠶᠢ ᠰᠠᠶᠢᠨ | ᠵᠤᠵᠠᠭᠠᠯᠠᠵᠤ᠂ ᠬᠠᠭᠤᠷᠠᠢ ᠬᠤᠶᠠᠭ ᠢ | ᠵᠤᠵᠠᠭᠠᠯᠠᠨ ᠲᠠᠪᠢᠰᠴᠣ᠂ ᠲᠤᠤᠷ᠎ᠠ ᠠᠴᠠ ᠨᠢ | ᠵᠢᠩᠬᠢᠨᠡᠬᠦ ᠶᠢ ᠰᠠᠶᠢᠳᠦᠷ | ᠰᠠᠷᠬᠡᠶᠢᠯᠡᠨᠡ᠃ | ᠲᠦᠷᠪᠡ᠂ ᠬᠠᠪᠤᠷᠵᠢᠶᠠᠨ ᠤ ᠨᠤᠳᠤᠭ ᠢ | ᠰᠤᠩᠭᠤᠬᠤ ᠳᠠᠭᠠᠨ ᠠᠭᠤᠯᠠ ᠲᠠᠢ᠂ | ᠤᠰᠤ ᠲᠠᠢ᠂ ᠲᠡᠭᠰᠢ ᠲᠠᠯ᠎ᠠ ᠭᠠᠵᠠᠷ ᠢ | ᠰᠤᠩᠭᠤᠬᠤ ᠪᠦᠬᠡᠳ ᠲᠠᠭᠡᠷ᠎ᠡ ᠵᠢᠯ ᠤᠨ | ᠵᠤᠰᠠᠯᠠᠩ ᠤᠨ ᠨᠤᠳᠤᠭ ᠠᠴᠠ ᠤᠶᠢᠷᠠᠯᠴᠠᠭ᠎ᠠ | ᠭᠠᠵᠠᠷ ᠢ ᠰᠤᠩᠭᠤᠨ᠎ᠠ᠃ ᠠᠭᠤᠯᠠ ᠲᠠᠢ | ᠨᠦᠮᠦᠷᠢ ᠭᠠᠵᠠᠷ ᠢ ᠰᠤᠩᠭᠤᠬᠤ ᠨᠢ | ᠬᠠᠪᠤᠷ ᠤᠨ ᠬᠠᠷ᠎ᠠ ᠰᠯᠬᠢ᠂ ᠵᠤᠳ ᠰᠢᠭᠤᠷᠭᠠᠨ | ᠲᠠᠢ ᠡᠳᠦᠷ ᠲᠤᠬᠢᠶᠠᠯᠳᠤᠪᠠᠯ ᠠᠭᠤᠯᠠᠨ | ᠡᠩᠬᠡᠷ ᠮᠠᠯ ᠢᠶᠠᠨ ᠬᠠᠷᠢᠭᠤᠯᠤᠨ᠎ᠠ᠃ | ᠲᠡᠭᠡᠷ᠎ᠡ ᠵᠢᠯ ᠤᠨ ᠵᠤᠰᠠᠯᠠᠩ ᠤᠨ | ᠨᠤᠳᠤᠭ ᠠᠴᠠ ᠪᠠᠨ ᠤᠶᠢᠷᠠᠯᠴᠠᠭ᠎ᠠ | ᠪᠠᠭᠤᠬᠤ ᠨᠢ ᠵᠤᠨ ᠤ ᠤᠯᠠᠷᠢᠯ ᠤᠨ ᠮᠠᠯ ᠤᠨ | ᠬᠢᠰᠬᠢᠯᠠᠵᠤ ᠤᠨᠠᠭᠠᠬᠰᠠᠨ᠂ | ᠨᠤᠭᠤᠭᠠᠨ ᠢᠶᠠᠷ ᠢᠶᠠᠨ ᠬᠠᠳᠠᠭᠰᠠᠨ | ᠮᠠᠯ ᠤᠨ ᠬᠢᠰᠬᠢᠯᠡᠬᠦᠷ ᠡᠪᠡᠰᠦ ᠶᠢ | ᠮᠠᠯ ᠳᠠᠭᠠᠨ ᠢᠳᠡᠬᠦᠯᠪᠠᠯ ᠰᠢᠮ᠎ᠡ ᠲᠡᠵᠢᠬᠡᠯ | ᠰᠠᠶᠢᠨ ᠪᠠᠶᠢᠳᠠᠭ᠃ ᠬᠠᠪᠤᠷ ᠤᠨ ᠮᠠᠯ ᠢ ᠡᠷᠳᠡ | ᠪᠠᠯᠴᠢᠭᠡᠷ ᠲᠤ ᠭᠠᠷᠭᠠᠵᠤ᠂ ᠤᠷᠤᠢ | ᠬᠤᠳᠠᠯᠨᠠ᠂ ᠴᠠᠳᠳᠠᠯ᠎ᠠ | ᠢᠳᠡᠰᠢᠯᠡᠬᠦᠯᠦᠨᠡ᠃ | ᠮᠤᠩᠭᠤᠯ ᠬᠦᠮᠦᠨ ᠲᠦᠷᠪᠡᠨ ᠤᠯᠠᠷᠢᠯ ᠢᠶᠠᠷ | ᠤᠳᠤᠷᠯᠠᠨ ᠮᠠᠯᠵᠢᠵᠤ ᠶᠠᠪᠤᠬᠤ ᠳᠠᠭᠠᠨ | ᠪᠠᠶᠢᠭᠠᠯᠢ ᠤᠷᠴᠢᠨ ᠲᠠᠢ ᠪᠠᠨ | ᠵᠤᠬᠢᠴᠠᠯᠳᠤᠨ᠂ ᠪᠠᠶᠢᠭᠠᠯᠢ ᠪᠠᠨ ᠰᠢᠳᠦᠵᠤ᠂ | ᠪᠠᠶᠢᠭᠠᠯᠢ ᠪᠠᠨ ᠬᠠᠶᠢᠷᠠᠯᠠᠵᠤ᠂ | ᠪᠠᠶᠢᠭᠠᠯᠢ ᠪᠠᠨ ᠲᠦᠰᠢᠭᠯᠵᠡᠤ ᠶᠠᠪᠤᠳᠠᠭ᠃ | ᠮᠤᠩᠭᠤᠯ ᠬᠦᠮᠦᠨ ᠬᠠᠮᠢᠭ᠎ᠠ᠂ ᠶᠠᠮᠠᠷ ᠭᠠᠵᠠᠷ | ᠨᠡᠬᠦᠵᠤ ᠶᠠᠪᠤᠯ᠎ᠠ ᠬᠡᠳ ᠠᠭᠤᠯᠠ | ᠬᠠᠶᠢᠷᠬᠠᠨ ᠤ ᠨᠠᠪᠳᠠᠭ ᠰᠠᠪᠳᠠᠭ ᠲᠠᠭᠠᠨ | ᠰᠦᠰᠦᠭᠯᠡᠨ ᠮᠦᠷᠬᠦᠵᠤ᠂ ᠤᠪᠤᠭ᠎ᠠ | ᠱᠠᠩᠰᠢᠨ ᠳᠠᠭᠠᠨ ᠴᠠᠭᠠᠨ ᠪᠠᠯᠡᠭ ᠡᠷᠬᠦᠵᠤ | ᠮᠦᠷᠬᠦᠨ ᠲᠠᠭᠠᠳᠬᠠᠳᠠᠭ ᠪᠦᠬᠡᠳ ᠠᠭᠤᠯᠠ | ᠬᠠᠶᠢᠷᠬᠠᠨ ᠤ ᠮᠤᠳᠤ ᠴᠢᠯᠠᠭᠤ ᠶᠢ | ᠲᠤᠷ᠎ᠠ ᠪᠠᠷ ᠢᠶᠠᠨ ᠬᠦᠳᠡᠯᠬᠡᠬᠦ ᠦᠬᠡᠢ | ᠨᠠᠭᠤᠷ ᠭᠤᠤᠯ ᠤᠨ ᠤᠰᠤᠨ ᠳᠤ ᠮᠠᠭᠤ ᠰᠠᠶᠢᠨ | ᠶᠠᠭᠤᠮ᠎ᠠ ᠪᠠᠨ ᠬᠠᠶᠠᠬᠤ ᠦᠬᠡᠢ᠂ ᠬᠤᠪᠴᠠᠰᠦ | ᠬᠤᠨᠠᠷ ᠢᠶᠠᠨ ᠤᠬᠢᠶᠠᠨ ᠪᠤᠵᠠᠷᠳᠠᠭᠤᠯᠬᠤ | ᠦᠬᠡᠢ᠂ ᠬᠦᠷᠦᠰᠦ ᠰᠢᠷᠦᠢ ᠶᠢ ᠬᠦᠨᠳᠡᠬᠦ | ᠦᠬᠡᠢ᠂ ᠠᠷᠢᠶᠠᠳᠠᠨ ᠵᠢᠬᠦᠷᠳᠡᠨ ᠢ | ᠲᠤᠷ᠎ᠠ ᠪᠠᠷ ᠢᠶᠠᠨ ᠠᠯᠠᠵᠤ ᠬᠤᠷᠤᠭᠠᠬᠤ | ᠦᠬᠡᠢ᠂ ᠵᠢᠬᠦᠷᠳᠡᠨ ᠰᠢᠪᠠᠭᠤ ᠶᠢᠨ ᠦᠨᠳᠡᠭᠡ | ᠵᠤᠯᠵᠠᠭ᠎ᠠ ᠶᠢ ᠬᠦᠳᠡᠯᠬᠡᠬᠦ ᠦᠬᠡᠢ᠂ | ᠪᠠᠶ᠎ᠠ ᠶᠢᠨ ᠰᠡᠬᠦᠳᠡᠷ ᠢᠶᠠᠨ ᠴᠦ | ᠲᠡᠭᠡᠷ᠎ᠡ ᠨᠢ ᠲᠤᠰᠬᠠᠬᠤ ᠦᠬᠡᠢ᠂ ᠨᠠᠭᠠᠳᠦ | ᠵᠠᠬ᠎ᠠ ᠳᠠᠭᠠᠨ ᠮᠤᠭᠠᠢ ᠮᠡᠯᠡᠬᠡᠢ᠂ ᠵᠢᠭᠠᠰᠦ | ᠵᠢᠷᠭᠠᠬᠠᠢ ᠶᠢ ᠬᠦᠷᠳᠡᠯ᠎ᠡ ᠠᠯᠠᠳᠠᠭ ᠦᠬᠡᠢ | ᠨᠢᠩᠵᠢᠨ ᠰᠠᠡᠳᠬᠢᠯ ᠲᠠᠢ ᠦᠨᠳᠦᠰᠦᠳᠠᠨ ᠶᠤᠮ᠃ | ᠡᠶᠢᠮᠤ ᠠᠴᠠ ᠪᠠᠶᠢᠭᠠᠯᠢ ᠤᠷᠴᠢᠨ ᠨᠢ | ᠬᠡᠵᠢᠶ᠎ᠠ ᠳᠡᠭᠡᠨ ᠡᠪᠳᠡᠭᠳᠡᠬᠦ ᠦᠬᠡᠢ᠂ | ᠡᠪᠡᠰᠦ ᠪᠡᠯᠴᠢᠭᠡᠷ ᠨᠢ ᠬᠡᠵᠢᠶ᠎ᠠ ᠳᠡᠭᠡᠨ | ᠲᠠᠴᠢᠷᠳᠠᠬᠤ ᠦᠬᠡᠢ᠂ ᠠᠭᠤᠯᠠ ᠬᠠᠶᠢᠷᠬᠠᠨ ᠨᠢ | ᠬᠡᠵᠢᠶ᠎ᠠ ᠳᠡᠭᠡᠨ ᠰᠦᠷᠯᠢᠭ ᠂ ᠤᠢ ᠮᠤᠳᠤ ᠨᠢ | ᠬᠡᠵᠢᠶ᠎ᠠ ᠳᠡᠭᠡᠨ ᠰᠠᠬᠤᠯᠢᠭ᠂ ᠨᠠᠭᠤᠷ ᠭᠤᠤᠯ | ᠨᠢ ᠬᠡᠵᠢᠶ᠎ᠠ ᠳᠡᠭᠡᠨ ᠲᠤᠩᠭᠠᠯᠠᠭ᠂ ᠬᠤᠷ᠎ᠠ | ᠪᠤᠷᠤᠭᠠᠨ ᠨᠢ ᠬᠡᠵᠢᠶ᠎ᠠ ᠳᠡᠭᠡᠨ | ᠲᠡᠩᠴᠡᠬᠦᠷᠢ ᠲᠠᠢ᠂ ᠪᠠᠶᠢᠭᠠᠯᠢ | ᠤᠷᠴᠢᠯᠠᠩ ᠨᠢ ᠬᠡᠵᠢᠶ᠎ᠠ ᠳᠡᠭᠡᠨ ᠡᠷᠡᠬᠦᠯ | ᠰᠠᠷᠠᠭᠤᠯ ᠢᠶᠠᠷ ᠪᠠᠶᠢᠳᠠᠭ ᠰᠠᠨ᠃ | ᠤᠳᠤᠷᠯᠠᠨ ᠮᠠᠯᠵᠢᠵᠤ᠂ ᠨᠡᠬᠦᠵᠤ | ᠪᠠᠭᠤᠬᠤ ᠳᠠᠭᠠᠨ ᠪᠡᠯᠡᠳᠬᠡᠯ ᠠᠵᠢᠯ ᠢ | ᠬᠦᠢᠴᠠᠳ ᠬᠢᠳᠡᠭ᠃ ᠵᠢᠱᠢᠶᠠᠯᠠᠪᠠᠯ᠂ ᠮᠤᠩᠭᠤᠯ | ᠬᠡᠷ᠃ ᠮᠤᠳᠤᠨ ᠲᠡᠷᠭᠡ᠂ ᠲᠦᠯ ᠮᠠᠯ ᠤᠨ | ᠬᠦᠷᠦᠮᠠᠯ ᠪᠤᠷᠭᠠᠰᠦᠨ ᠪᠠ ᠰᠢᠪᠡᠭᠡ᠂ ᠮᠤᠷᠢᠨ | ᠡᠮᠡᠬᠡᠯ ᠬᠠᠵᠠᠭᠠᠷ᠂ ᠨᠤᠬᠳᠦ᠂ ᠴᠢᠳᠦᠷ᠂ | ᠠᠷᠭᠠᠮᠵᠢᠶ᠎ᠠ᠂ ᠤᠷᠭ᠎ᠠ ᠵᠡᠷᠭᠡ ᠪᠠᠨ | ᠰᠢᠨᠡᠳᠬᠡᠨ ᠵᠠᠰᠠᠵᠤ ᠪᠡᠯᠡᠳᠬᠡᠬᠦ ᠶᠢᠨ | ᠬᠠᠮᠳᠤ ᠬᠡᠷ ᠵᠠᠭᠤᠷ᠎ᠠ ᠶᠢᠨ ᠵᠠᠷᠤᠵᠤ | ᠪᠠᠷᠢᠬᠤ ᠠᠮᠢᠳᠤᠷᠠᠯ ᠤᠨ ᠬᠡᠷᠡᠭᠰᠡᠯ ᠪᠤᠯᠬᠤ | ᠲᠤᠭᠤᠭ᠎ᠠ ᠰᠢᠨᠠᠭ᠎ᠠ᠂ ᠲᠤᠯᠭ᠎ᠠ ᠵᠤᠤᠬ᠎ᠠ᠂ | ᠠᠶᠠᠭ᠎ᠠ ᠰᠠᠪᠬ᠎ᠠ᠂ ᠵᠡᠬᠦᠦ ᠤᠳᠠᠰᠦ᠂ ᠬᠠᠶᠢᠴᠢ | ᠰᠢᠪᠦᠭᠡ᠂ ᠬᠡᠳᠠ ᠬᠢᠳᠤᠭ᠎ᠠ᠂ ᠬᠢᠷᠦᠭᠡ ᠰᠦᠭᠡ᠂ | ᠴᠦᠴᠠ ᠤᠭᠤᠯᠢ᠂ ᠲᠡᠭᠡᠰᠦ ᠲᠦᠷᠦ᠂ ᠰᠠᠨᠳᠤᠤ | ᠪᠤᠤᠳᠤᠤ᠂ ᠭᠠᠩ ᠰᠠᠪᠠ ᠵᠡᠷᠭᠡ ᠡᠳᠦᠷ | ᠲᠤᠳᠤᠮ ᠤᠨ ᠬᠡᠷᠡᠭᠰᠡᠯ ᠪᠠ ᠪᠤᠳᠠᠭ᠎ᠠ | ᠴᠠᠶᠢᠯᠭᠠᠬᠤ ᠤᠭᠤᠷ ᠨᠦᠳᠦᠬᠦᠷ᠂ ᠤᠷᠭ᠎ᠠ ᠶᠢᠨ | ᠵᠠᠯᠠᠭᠠᠭᠤᠷ ᠮᠤᠳᠤ᠂ ᠵᠤᠵᠠᠭᠠᠨ ᠨᠢᠮᠬᠡᠨ | ᠲᠠᠪᠠᠯ ᠬᠤᠪᠴᠠᠰᠦ᠂ ᠰᠢᠷᠳᠡᠭ ᠲᠠᠪᠢᠰᠭᠡᠷ᠂ | ᠬᠦᠨᠡᠰᠦᠨ ᠪᠤᠳᠠᠭ᠎ᠠ᠂ ᠲᠠᠪᠤᠰᠦ ᠴᠠᠢ ᠶᠢ | ᠬᠦᠢᠴᠠᠳ ᠠᠪᠴᠤ ᠶᠠᠪᠤᠨ᠎ᠠ᠃ ᠬᠦᠨᠡᠰᠦᠨ | ᠪᠤᠳᠠᠭᠠᠨ ᠳᠤ ᠭᠤᠤᠯ ᠨᠢ ᠮᠤᠩᠭᠤᠯ ᠠᠮᠤ᠂ | ᠴᠤᠯᠭᠤᠢ ᠮᠤᠩᠭᠤᠯ ᠪᠤᠳᠠᠭ᠎ᠠ ᠪᠠᠨ ᠤᠭᠤᠳᠠ | ᠬᠡᠥᠳᠠᠢ ᠳᠤ ᠰᠠᠪᠠᠯᠠᠵᠤ᠂ ᠲᠡᠷᠭᠡᠨ | ᠲᠡᠭᠡᠷ᠎ᠡ ᠪᠠᠨ ᠲᠡᠬᠡᠬᠡᠵᠤ ᠶᠠᠪᠤᠭᠠᠳ᠂ | ᠬᠡᠵᠢᠶ᠎ᠠ ᠬᠦᠨᠠᠰᠦᠨ ᠠᠮᠤ ᠨᠢ ᠲᠤᠳᠠᠪᠠᠯ | ᠲᠠᠷᠠ ᠲᠠᠷᠦᠢ ᠳᠤᠨᠢ ᠬᠠᠷ᠎ᠠ ᠴᠤᠯᠭᠤᠢ | ᠮᠤᠩᠭᠤᠯ ᠪᠤᠳᠠᠭ᠎ᠠ ᠪᠠᠨ ᠬᠡᠳᠦᠨ ᠱᠧᠩ ᠢᠶᠠᠷ | ᠬᠦᠬᠡᠯᠬᠡᠵᠤ ᠬᠠᠭᠤᠷᠤᠭᠠᠳ ᠤᠭᠤᠷ ᠨᠦᠳᠦᠬᠦᠷ | ᠢᠶᠠᠷ ᠴᠠᠶᠢᠯᠭᠠᠵᠤ ᠢᠳᠡᠳᠡᠭ᠃ ᠢᠩᠬᠢᠵᠤ | ᠪᠠᠭ᠎ᠠ ᠪᠠᠭ᠎ᠠ ᠪᠠᠷ ᠴᠠᠶᠢᠯᠭᠠᠬᠰᠠᠨ | ᠬᠠᠭᠤᠷᠤᠬᠰᠠᠨ ᠪᠤᠳᠠᠭ᠎ᠠ ᠪᠤᠷᠤᠭᠠᠨ | ᠵᠤᠳ ᠲᠠᠢ ᠤᠯᠠᠷᠢᠯ ᠳᠤ ᠴᠢᠬᠢᠭᠳᠦᠵᠤ | ᠲᠠᠪᠳᠤᠬᠦ ᠦᠬᠡᠢ ᠰᠢᠨ᠎ᠡ ᠰᠤᠷᠭᠤᠭ ᠢᠶᠠᠷ | ᠪᠠᠶᠢᠳᠠᠭ᠃ | ᠤᠭᠤᠷ ᠨᠦᠳᠦᠬᠦᠷ ᠬᠡᠳᠡᠭ ᠨᠢ᠂ ᠤᠭᠤᠷ ᠨᠢ | ᠮᠤᠳᠤ ᠪᠠᠷ ᠬᠢᠨ᠎ᠡ᠃ ᠭᠤᠷᠪᠠᠨ ᠲᠦᠭᠡ ᠢᠯᠡᠬᠦᠦ | ᠪᠦᠳᠦᠬᠦᠨ᠂ ᠬᠤᠶᠠᠷ ᠲᠤᠬᠤᠢ ᠢᠯᠡᠬᠦᠦ ᠤᠷᠳᠤ᠂ | ᠬᠠᠶᠢᠯᠠᠰᠦ ᠪᠠ ᠬᠤᠰᠤ ᠵᠡᠷᠭᠡ ᠶᠢᠨ ᠴᠢᠨᠠᠷ | ᠰᠠᠶᠢᠨᠳᠠᠢ ᠬᠠᠳᠠᠭᠤ ᠮᠤᠳᠤ ᠶᠢ ᠨᠢᠬᠡ ᠲᠤᠬᠤᠢ | ᠲᠤᠯᠤᠭᠠᠨ ᠢᠮᠠᠬᠤ ᠰᠢᠬᠠᠮ ᠬᠦᠨ ᠬᠦᠨᠳᠡᠶᠢᠯᠡᠨ | ᠤᠬᠤᠵᠤ ᠵᠠᠰᠠᠭᠠᠳ ᠬᠠᠭᠤᠷᠤᠬᠰᠠᠨ | ᠪᠤᠳᠠᠭ᠎ᠠ ᠪᠠᠨ ᠪᠠᠭ᠎ᠠ ᠪᠠᠭ᠎ᠠ ᠪᠠᠷ ᠬᠢᠵᠤ | ᠨᠦᠳᠦᠬᠦᠷ ᠤᠨ ᠡᠰᠢ ᠪᠠᠷ ᠨᠦᠳᠦᠵᠤ | ᠪᠤᠳᠠᠭ᠎ᠠ ᠪᠠᠨ ᠴᠠᠶᠢᠯᠭᠠᠳᠠᠭ ᠪᠠᠭᠠᠵᠢ᠂ | ᠨᠦᠳᠦᠬᠦᠷ ᠬᠡᠳᠡᠭ ᠨᠢ ᠰᠠᠭᠤᠷᠢ ᠶᠢᠨ | ᠲᠠᠯ᠎ᠠ ᠨᠢ ᠵᠢᠷᠭᠤᠭᠠᠨ ᠢᠮᠠᠬᠤ᠂ ᠲᠡᠭᠰᠢ | ᠲᠦᠷᠪᠠᠯᠵᠢᠨ᠂ ᠦᠨᠳᠦᠷ ᠤᠨ ᠬᠡᠮᠵᠢᠶ᠎ᠠ ᠨᠢ | ᠵᠢᠷᠭᠤᠭᠠᠨ ᠢᠮᠠᠬᠤ ᠤᠷᠤᠢ ᠨᠢ ᠪᠦᠮᠪᠤᠷᠢᠬᠡᠨ | ᠴᠢᠯᠠᠭᠤ ᠶᠢ ᠰᠠᠭᠤᠷᠢ ᠶᠢᠨ ᠲᠤᠮᠳᠠ | ᠬᠡᠰᠡᠭ ᠲᠤᠨᠢ ᠲᠤᠳᠠᠭᠤ ᠮᠤᠬᠤᠷ ᠨᠦᠬᠡ | ᠴᠤᠭᠤᠯᠵᠤ᠂ ᠴᠢᠨᠠᠷ ᠰᠠᠶᠢᠨᠳᠠᠢ ᠬᠠᠳᠠᠭᠤ | ᠮᠤᠳᠤ ᠪᠠᠷ ᠡᠰᠢ ᠵᠤᠬᠢᠶᠠᠬᠰᠠᠨ ᠪᠠᠭᠠᠵᠢ | ᠮᠥᠨ᠃ | ᠮᠤᠩᠭᠤᠯᠴᠤᠳ ᠤᠳᠤᠷᠯᠠᠨ ᠨᠡᠬᠦᠵᠤ | ᠶᠠᠪᠤᠬᠤ ᠳᠠᠭᠠᠨ ᠤᠨᠤᠰᠢᠨ ᠮᠤᠷᠢ 2 — 3 | ᠪᠠᠯᠠᠳᠬᠡᠵᠤ᠂ ᠬᠡᠷ ᠤᠨ ᠤᠶᠢᠷ᠎ᠠ ᠵᠠᠭᠤᠷ᠎ᠠ | ᠠᠷᠭᠠᠮᠵᠢᠶ᠎ᠠ ᠪᠠ ᠴᠢᠳᠤᠷ ᠢᠶᠠᠷ | ᠠᠷᠠᠴᠢᠯᠠᠵᠤ ᠡᠷᠬᠢᠴᠠᠬᠦᠯᠦᠨᠡ᠃ 5 — 7 | ᠮᠤᠳᠤᠨ ᠲᠡᠷᠭᠡ ᠪᠠᠯᠠᠳᠬᠡᠵᠤ ᠶᠠᠪᠤᠳᠠᠭ ᠪᠠ | ᠬᠦᠨᠳᠦ ᠠᠪᠳᠠᠷ᠎ᠠ ᠪᠠᠷᠠᠭ᠎ᠠ ᠲᠡᠭᠡᠭᠭᠰᠠᠨ | ᠨᠢᠬᠡ ᠲᠡᠷᠭᠡ ᠪᠡᠯᠡᠳᠬᠡᠵᠤ ᠲᠡᠭᠡᠭᠡᠭᠰᠠᠨ | ᠪᠠᠷᠠᠭ᠎ᠠ ᠪᠠᠨ ᠪᠠᠭᠤᠯᠭᠠᠵᠤ ᠠᠪᠳᠠᠭ ᠦᠬᠡᠢ᠂ | ᠬᠡᠷ ᠤᠨ ᠢᠶᠠᠨ ᠵᠡᠬᠦᠨ ᠲᠠᠯ᠎ᠠ ᠳᠤ | ᠪᠠᠶᠢᠯᠭᠠᠳᠠᠭ᠃ ᠪᠤᠷᠤᠭᠠᠨ ᠴᠠᠰᠦ ᠤᠷᠤᠪᠠᠯ | ᠲᠤᠭᠤᠷᠭᠠᠨ ᠢᠰᠡᠬᠡᠢ ᠪᠠᠷ ᠪᠦᠳᠡᠬᠡᠵᠤ | ᠲᠠᠯᠪᠢᠳᠠᠭ᠃ ᠨᠢᠬᠡ ᠤᠰᠤᠨ ᠲᠡᠷᠭᠡ | ᠪᠡᠯᠡᠳᠬᠡᠵᠤ᠂ ᠪᠦᠳᠦᠬᠦᠨ ᠮᠤᠳᠤᠨ ᠭᠠᠩ | ᠲᠡᠭᠡᠭᠡᠵᠤ᠂ ᠤᠰᠤᠨ ᠭᠠᠩ ᠳᠠᠭᠠᠨ ᠬᠡᠵᠢᠶᠠᠳᠠ | ᠤᠰᠤ ᠲᠠᠢ ᠪᠠᠶᠢᠯᠭᠠᠳᠠᠭ᠃ ᠬᠤᠨᠢᠨ | ᠮᠠᠨᠠᠭ᠎ᠠ ᠶᠢᠨ ᠨᠢᠬᠡ ᠬᠠᠮ ᠲᠡᠷᠭᠡ | ᠪᠡᠯᠡᠳᠬᠡᠵᠤ᠂ ᠬᠤᠨᠢᠨ ᠰᠦᠷᠦᠭ ᠤᠨ | ᠬᠡᠪᠳᠡᠷᠢ ᠶᠢᠨ ᠬᠠᠵᠠᠭᠤᠳᠠ ᠪᠠᠶᠢᠯᠭᠠᠳᠠᠭ᠃ | ᠪᠤᠰᠤᠳ ᠲᠡᠷᠭᠡ ᠶᠢ ᠬᠡᠷ ᠤᠨ ᠪᠠᠷᠠᠭᠤᠨ | ᠲᠠᠯ᠎ᠠ ᠳᠤ ᠰᠤᠬᠰᠤᠷᠠᠨ ᠨᠠᠶᠢᠷᠠᠭᠤᠯᠵᠤ | ᠲᠠᠯᠪᠢᠳᠠᠭ᠃ ᠬᠡᠶᠢᠴᠢᠨ ᠵᠤᠴᠢᠨ ᠢᠷᠡᠪᠠᠯ ᠡᠨᠡ | ᠲᠡᠷᠭᠡᠨ ᠠᠴᠠ ᠮᠤᠷᠢ ᠪᠠᠨ ᠤᠶᠠᠵᠤ ᠪᠤᠯᠬᠤ | ᠪᠦᠬᠡᠳ ᠤᠷᠭ᠎ᠠ ᠲᠠᠰᠢᠭᠤᠷ ᠢᠶᠠᠨ ᠲᠠᠯᠪᠢᠵᠤ | ᠪᠤᠯᠤᠨ᠎ᠠ᠃ ᠤᠳᠤᠷᠯᠠᠨ ᠮᠠᠯᠵᠢᠵᠤ | ᠶᠠᠪᠤᠬᠤ ᠳᠤ ᠤᠷᠭ᠎ᠠ ᠪᠤᠯ ᠲᠤᠳᠠᠭᠳᠠᠵᠤ | ᠪᠤᠯᠤᠰᠢ ᠦᠬᠡᠢ ᠬᠡᠷᠡᠭᠰᠡᠯ ᠪᠠᠭᠠᠵᠢ ᠮᠥᠨ᠃ | ᠤᠷᠭ᠎ᠠ ᠶᠢ ᠬᠤᠰᠤ᠂ ᠪᠤᠷᠭᠠᠰᠦ᠂ ᠮᠤᠶᠢᠯ | ᠵᠡᠷᠭᠡ ᠪᠠᠬᠢᠯᠢᠭ᠌ ᠮᠤᠳᠤ ᠪᠠᠷ ᠬᠢᠨ᠎ᠠ᠃ | ᠤᠷᠭᠠᠨ ᠮᠤᠳᠤ ᠬᠠᠳᠠᠬᠰᠠᠨ ᠤ ᠰᠡᠬᠦᠯᠡᠷ᠂ | ᠨᠤᠶᠢᠳᠠᠨ ᠭᠠᠵᠠᠷ ᠪᠤᠯᠠᠵᠤ ᠴᠢᠬᠢᠭᠰᠢᠬᠡᠵᠤ | ᠨᠤᠷᠤᠭᠠᠬᠰᠠᠨ ᠤ ᠰᠡᠬᠦᠯᠡᠷ᠂ ᠬᠠᠭᠤᠷᠠᠢ | ᠡᠪᠠᠰᠦ ᠪᠤᠶᠤ ᠬᠤᠨᠢᠨ ᠦᠷᠳᠡᠩ ᠤᠨ ᠭᠠᠯ ᠤᠨ | ᠨᠤᠷᠮ᠎ᠠ ᠳᠤ ᠬᠠᠯᠠᠭᠠᠵᠤ ᠤᠷᠭ᠎ᠠ ᠶᠢᠨ | ᠵᠠᠯᠭᠠᠭᠤᠷ᠂ ᠬᠢᠯᠪᠢᠬᠦᠷ ᠤᠨ ᠠᠵᠢᠷᠭᠠᠨ | ᠮᠤᠳᠤᠨ ᠳᠤ ᠠᠯᠳᠠ ᠲᠠᠯᠢᠮ ᠤᠷᠳᠤ ᠶᠤᠵᠤᠭᠤᠷ᠂ | ᠠᠯᠳᠠ ᠬᠢᠷᠢᠳᠠᠢ ᠤᠷᠳᠤ ᠴᠡᠬᠡᠵᠢ ᠶᠢᠨ ᠮᠤᠳᠤ | ᠬᠡᠷᠡᠭᠯᠡᠳᠡᠭ᠃ ᠤᠷᠭᠠᠨ ᠤ ᠶᠤᠵᠤᠭᠤᠷ ᠤᠨ | ᠬᠡᠰᠡᠭ ᠲᠤ ᠬᠢᠷᠦᠭᠡ ᠪᠠᠷ ᠠᠮᠠ ᠭᠠᠷᠭᠠᠵᠤ | ᠤᠬᠤᠵᠤ ᠠᠪᠤᠭᠠᠳ ᠴᠡᠬᠡᠵᠢᠨ ᠮᠤᠳᠤᠨ ᠤ | ᠪᠦᠳᠦᠬᠦᠨ ᠤᠭ ᠲᠠᠯ᠎ᠠ ᠳᠤ ᠰᠡᠬᠦᠯ ᠭᠠᠷᠭᠠᠨ | ᠴᠠᠪᠴᠢᠵᠤ ᠵᠠᠰᠠᠭᠠᠳ᠂ ᠶᠤᠵᠤᠭᠤᠷ ᠤᠨ | ᠦᠵᠦᠬᠦᠷ ᠤᠨ ᠬᠡᠰᠡᠭ ᠲᠤ ᠭᠠᠷᠭᠠᠭᠰᠠᠨ | ᠠᠮᠠᠨ ᠳᠤ ᠰᠢᠷᠭᠤᠭᠤᠯᠵᠤ᠂ ᠠᠷᠭ᠎ᠠ | ᠪᠢᠯᠢᠭ ᠢᠶᠠᠷ ᠠᠪᠴᠠᠯᠳᠤᠭᠤᠯᠤᠨ | ᠲᠠᠭᠠᠷᠠᠭᠤᠯᠵᠤ ᠴᠠᠪᠠᠥ ᠪᠠᠷ ᠴᠠᠪᠠᠤᠳᠠᠵᠤ | ᠨᠠᠭᠠᠨ᠎ᠠ᠃ ᠡᠨᠡ ᠬᠡᠰᠡᠭ ᠭᠠᠵᠠᠷ ᠤᠨ | ᠭᠠᠳᠠᠭᠤᠷ ᠪᠢᠳᠡᠬᠦᠦ ᠦᠪᠴᠢᠭᠰᠡᠨ ᠦᠬᠡᠷ ᠤᠨ | ᠰᠡᠬᠦᠯ ᠤᠨ ᠠᠷᠠᠰᠦ ᠶᠢ ᠰᠠᠶᠢᠨ ᠲᠡᠪᠳᠦᠭᠡᠵᠤ | ᠪᠠᠶᠢᠭᠠᠳ ᠤᠬᠯᠠᠵᠤ ᠲᠠᠯᠪᠢᠨ᠎ᠠ᠃ | ᠬᠠᠳᠠᠬᠰᠠᠨ ᠤ ᠰᠡᠬᠦᠯᠡᠷ ᠪᠤᠷᠤᠭᠠᠨ | ᠤᠰᠤᠨ ᠳᠤ ᠴᠠᠪᠠᠥ ᠨᠢ ᠲᠠᠪᠳᠤᠵᠤ ᠰᠠᠯᠬᠤ | ᠦᠬᠡᠢ᠃ ᠤᠷᠭᠠᠨ ᠤ ᠴᠡᠬᠡᠵᠢᠨ ᠪᠠᠶ᠎ᠠ ᠶᠢᠨ | ᠨᠠᠷᠢᠨ ᠦᠵᠦᠬᠦᠷ ᠲᠤ ᠬᠢᠳᠤᠭ᠎ᠠ ᠪᠠᠷ | ᠲᠠᠩᠨᠠᠢ ᠠᠷᠤ ᠭᠠᠷᠭᠠᠨ ᠵᠤᠷᠭᠤᠵᠤ᠂ ᠤᠷᠭᠠᠨ ᠤ | ᠦᠵᠦᠬᠦᠷ ᠤᠨ ᠴᠠᠶᠢᠷ ᠤᠨ ᠤᠭ ᠤᠨ ᠬᠡᠰᠡᠭ ᠲᠤ | ᠮᠥᠨ ᠲᠠᠩᠨᠠᠢ ᠠᠷᠤ ᠳᠤ ᠠᠪᠴᠠᠯᠳᠤᠭᠤᠯᠤᠨ | ᠲᠠᠭᠠᠷᠠᠭᠤᠯᠵᠤ᠂ ᠨᠠᠷᠢᠨ ᠵᠦᠰᠦᠭᠰᠠᠨ | ᠨᠢᠮᠬᠡᠨ ᠰᠤᠷ ᠬᠦᠯᠢᠶᠠᠷ ᠢᠶᠠᠷ ᠤᠷᠢᠶᠠᠨ | ᠬᠦᠯᠢᠵᠤ ᠲᠠᠯᠪᠢᠨ᠎ᠠ᠃ ᠤᠷᠭᠠᠨ ᠤ ᠨᠠᠷᠢᠨ | ᠴᠠᠶᠢᠷ ᠤᠨ ᠦᠵᠦᠬᠦᠷ ᠲᠤ ᠨᠢᠭᠡ ᠪᠤᠷᠴᠠ | ᠮᠤᠷᠢᠨ ᠰᠡᠬᠦᠯ ᠤᠨ ᠦᠨᠳᠦᠷ ᠬᠢᠯᠭᠠᠰᠦ ᠶᠢ | ᠤᠷᠢᠶᠠᠨ ᠤᠶᠠᠵᠤ ᠰᠠᠴᠤᠭ ᠭᠠᠷᠭᠠᠨ᠎ᠠ᠃ | ᠡᠬᠦᠨ ᠢ ᠤᠷᠭ᠎ᠠ ᠶᠢᠨ ᠦᠵᠦᠬᠦᠷ ᠤᠨ | ︽ᠴᠢᠨᠳᠠᠭ᠎ᠠ︾ ᠬᠡᠨ᠎ᠡ᠃ ᠡᠨᠡ ᠨᠢ ᠨᠢᠬᠡ ᠳᠤ | ᠠᠳᠤᠭᠤᠨ ᠤ ᠬᠡᠢ ᠮᠤᠷᠢ ᠶᠢ ᠲᠡᠭᠳᠡᠭᠡᠵᠤ᠂ | ᠬᠤᠶᠠᠷ ᠲᠤ ᠮᠤᠷᠢ ᠤᠷᠭᠠᠯᠠᠵᠤ ᠪᠠᠷᠢᠬᠤ ᠳᠤ | ᠤᠷᠭᠠᠨ ᠤ ᠬᠤᠶᠢᠪᠢ᠂ ᠤᠷᠭᠠᠨ ᠤ ᠦᠵᠦᠬᠦᠷ ᠢ | ᠤᠷᠢᠶᠠᠵᠤ ᠡᠬᠡᠳᠡᠷᠬᠡᠬᠦ ᠦᠬᠡᠢ᠂ ᠮᠤᠷᠢ | ᠪᠠᠷᠢᠬᠤ ᠳᠤ ᠲᠦᠬᠦᠮ ᠪᠠᠶᠢᠳᠠᠭ᠃ ᠤᠷᠭᠠᠨ ᠤ | ᠬᠤᠶᠢᠪᠢ ᠶᠢ ᠦᠬᠡᠷ ᠤᠨ ᠠᠷᠰᠦᠨ ᠰᠤᠷ ᠢ | ᠨᠠᠷᠢᠨ ᠵᠦᠰᠦᠵᠤ ᠬᠤᠶᠠᠷ ᠮᠦᠰᠦᠮ ᠢᠶᠠᠷ | ᠲᠠᠮᠤᠵᠤ ᠬᠢᠬᠦ ᠪᠦᠬᠡᠳ ᠲᠠᠩ ᠰᠤᠷ ᠢᠶᠠᠷ | ᠬᠢᠭᠰᠡᠨ ᠴᠦ ᠪᠤᠢ᠃ ᠦᠬᠡᠷ ᠤᠨ ᠰᠢᠷᠪᠤᠰᠦ ᠶᠢ | ᠴᠠᠭ᠎ᠠ ᠶᠢᠨ ᠱᠤᠤ ᠳᠤ ᠱᠤᠤᠯᠠᠵᠤ | ᠪᠤᠯᠪᠠᠰᠤᠷᠠᠭᠤᠯᠤᠭᠠᠳ ᠭᠤᠷᠪᠠᠨ | ᠮᠦᠰᠦᠮ ᠢᠶᠠᠷ ᠮᠤᠰᠬᠢᠵᠤ ᠬᠢᠭᠰᠡᠨ | ᠰᠢᠷᠪᠦᠰᠦᠨ ᠬᠤᠶᠢᠪᠢ ᠴᠦ ᠪᠤᠢ᠃ ᠤᠷᠭ᠎ᠠ ᠶᠢ | ᠮᠤᠷᠢᠨ ᠲᠡᠭᠡᠷ᠎ᠡ ᠠᠪᠴᠤ ᠶᠠᠪᠤᠬᠤ ᠳᠠᠭᠠᠨ | ᠴᠡᠬᠡᠵᠢᠨ ᠪᠠᠶ᠎ᠠ ᠶᠢᠨ ᠦᠵᠦᠬᠦᠷ ᠤᠷᠴᠢᠨ | ᠠᠴᠠ ᠤᠶᠠᠵᠤ ᠲᠠᠯᠪᠢᠬᠰᠠᠨ ᠰᠤᠷ | ᠭᠤᠬᠴᠤᠭ᠎ᠠ ᠠᠴᠠ ᠲᠤᠬᠤᠶᠢᠯᠠᠵᠤ ᠴᠢᠷᠴᠤ | ᠶᠠᠪᠤᠳᠠᠭ᠃ ᠡᠨᠡ ᠭᠤᠬᠴᠤᠭ᠎ᠠ ᠶᠢ ᠤᠷᠭᠠᠨ ᠤ | ︽ᠲᠤᠬᠤᠪᠴᠢ︾ ᠬᠡᠨ᠎ᠡ᠃ ᠤᠷᠭ᠎ᠠ ᠶᠢ ᠬᠦᠰᠡᠷ | ᠬᠠᠶᠠᠵᠤ ᠂ ᠲᠡᠬᠡᠬᠦᠷ ᠨᠢ ᠠᠯᠬᠤᠵᠤ | ᠬᠡᠰᠬᠢᠬᠦ ᠶᠢ ᠴᠡᠬᠡᠷᠯᠠᠨ᠎ᠠ᠃ ᠬᠡᠷ ᠤᠨ | ᠪᠠᠷᠠᠭᠤᠨ ᠲᠠᠯ᠎ᠠ ᠳᠤ ᠪᠤᠯᠠᠵᠤ ᠲᠠᠯᠪᠢᠬᠰᠠᠨ | ᠤᠷᠭ᠎ᠠ ᠲᠠᠯᠪᠢᠬᠤ ᠰᠠᠯᠠᠭ᠎ᠠ ᠲᠠᠢ ᠮᠤᠳᠤᠨ ᠤ | ᠰᠠᠯᠠᠭᠠᠨ ᠳᠤ ᠤᠨᠤᠭᠤᠯᠤᠨ ᠲᠦᠰᠢᠬᠦᠯᠵᠤ | ᠲᠠᠯᠪᠢᠬᠤ ᠪᠤᠶᠤ ᠮᠤᠩᠭᠤᠯ ᠬᠡᠷ ᠤᠨ | ᠬᠠᠭᠠᠯᠭ᠎ᠠ ᠶᠢᠨ ᠪᠠᠷᠠᠭᠤᠨ ᠲᠠᠯ᠎ᠠ ᠶᠢᠨ | ᠬᠠᠨ᠎ᠠ ᠤᠨᠢ ᠶᠢ ᠲᠦᠰᠢᠬᠦᠯᠦᠨ ᠲᠠᠯᠪᠢᠨ᠎ᠠ᠂ | ᠪᠠᠰᠠ ᠬᠡᠷ ᠤᠨ ᠪᠠᠷᠠᠭᠤᠨ ᠲᠠᠯ᠎ᠠ ᠳᠤ | ᠨᠠᠶᠢᠷᠠᠭᠤᠯᠤᠨ ᠰᠤᠬᠰᠤᠷᠴᠦ ᠲᠠᠯᠪᠢᠬᠰᠠᠨ | ᠮᠤᠳᠤᠨ ᠲᠡᠷᠭᠡᠨ ᠲᠡᠭᠡᠷ᠎ᠡ ᠲᠠᠯᠪᠢᠨ᠎ᠠ᠃ | ᠮᠤᠩᠭᠤᠯ ᠬᠦᠮᠦᠨ ᠤ ᠤᠷᠭ᠎ᠠ ᠪᠤᠯ ᠤᠨᠴᠠᠭᠠᠢ | ᠨᠢᠬᠡᠨ ᠵᠦᠢᠯ ᠤᠨ ᠵᠡᠪᠰᠡᠭ ᠮᠥᠨ᠃ ᠮᠤᠷᠢ | ᠤᠷᠭᠠᠯᠠᠬᠤ ᠪᠠᠷ ᠪᠠᠷᠠᠬᠤ ᠦᠬᠡᠢ ᠪᠠᠰᠠ ᠬᠤᠨᠢ | ᠬᠤᠷᠠᠭ᠎ᠠ ᠶᠢ ᠤᠷᠭᠠᠯᠠᠵᠤ ᠪᠠᠷᠢᠳᠠᠭ᠃ | ᠮᠠᠯ ᠢᠶᠠᠨ ᠬᠦᠬᠡᠬᠡᠵᠤ᠂ ᠬᠤᠷᠢᠶᠠᠵᠤ ᠂ | ᠬᠤᠳᠠᠯᠠᠬᠤ ᠳᠠᠭᠠᠨ ᠰᠤᠷ ᠬᠤᠶᠢᠪᠢ ᠪᠠᠷ | ᠰᠢᠪᠬᠠᠷᠳᠠᠨ ᠭᠤᠶᠠᠳᠠᠵᠤ ᠠᠶᠤᠯᠭᠠᠳᠠᠭ ᠃ | ᠦᠩᠬᠡᠷᠡᠭᠰᠠᠨ ᠦᠯᠢᠬᠡᠷ ᠲᠡᠥᠬᠡᠨ ᠳᠤ ᠲᠠᠶᠢᠨ | ᠪᠠᠶᠢᠯᠳᠤᠭᠠᠨ ᠳᠤ ᠴᠦ ᠬᠡᠷᠡᠭᠯᠡᠵᠤ | ᠪᠠᠶᠢᠪᠠ᠃ ᠵᠢᠱᠢᠶᠠᠯᠠᠪᠠᠯ᠂ ᠲᠠᠩ ᠤᠯᠤᠰ ᠤᠨ | ᠲᠠᠪᠤᠨ ᠶᠤᠸᠠᠨ ᠤ ︽ᠱᠠᠩ ᠶᠤᠤ ᠵᠤᠸᠠᠨ︾ ᠤ | ᠦᠯᠢᠭᠡᠷ ᠲᠤ ᠭᠠᠷᠳᠠᠭ ᠬᠠᠨ ᠰᠦᠩ ᠸᠠᠩ᠂ ᠯᠢ | ᠺᠦᠨ ᠤ ᠲᠠᠭᠠᠭᠤᠯᠤᠬᠰᠠᠨ ᠮᠤᠩᠭᠤᠯ | ᠴᠡᠷᠢᠭ ᠤᠨ ᠠᠯᠳᠠᠨᠰᠦ᠋ᠬᠡ᠂ ᠦᠷᠬᠦᠦ᠂ | ᠵᠦᠷᠬᠦᠦ ᠨᠠᠷ ᠤᠷᠭ᠎ᠠ ᠪᠢᠯᠠᠭᠤ | ᠬᠡᠷᠡᠭᠯᠡᠭᠰᠠᠨ ᠴᠡᠷᠢᠭ ᠢᠶᠠᠷ ᠪᠠᠷᠠᠭᠤᠨ | ᠶᠠᠨ ᠤᠯᠤᠰ ᠤᠨ ᠨᠠᠷᠠᠳᠦ ᠵᠠᠩᠵᠦᠨ ᠴᠡᠷᠢᠭ ᠢ | ᠴᠦᠮ ᠪᠠᠷᠢᠪᠴᠢᠯᠠᠬᠰᠠᠨ︔ ᠮᠠᠯ ᠠᠷᠢᠶᠠᠳᠠᠨ ᠢ | ᠪᠠᠷᠢᠵᠤ ᠢᠳᠡᠭᠰᠠᠨ ᠴᠠᠳᠬᠤᠯᠠᠩ | ᠴᠢᠨ᠋ᠸ᠎ᠡ ᠶᠢ ᠮᠤᠷᠢ ᠪᠠᠷ ᠲᠠᠭᠤᠵᠤ | ᠤᠷᠭᠠᠯᠠᠵᠤ ᠠᠪᠤᠭᠠᠳ ᠬᠡᠳᠡᠷᠬᠦ ᠪᠤᠴᠠᠨ | ᠲᠤᠪᠳᠤᠯᠵᠤ ᠪᠤᠭᠤᠮᠢᠯᠠᠵᠤ ᠠᠯᠠᠳᠠᠭ ᠦᠯᠢᠭᠡᠷ | ᠮᠠᠯᠵᠢᠬᠤ ᠤᠷᠤᠨ ᠳᠤ ᠦᠷᠬᠦᠯᠵᠢ ᠭᠠᠷᠳᠠᠭ | ᠪᠠᠶᠢᠬᠰᠠᠨ᠃ ᠴᠠᠳᠬᠤᠯᠠᠩ ᠴᠢᠨ᠋ᠸ᠎ᠡ ᠶᠢ | ᠮᠤᠷᠢ ᠪᠠᠷ ᠲᠠᠭᠤᠬᠤ ᠳᠠᠭᠠᠨ ᠦᠪᠡᠷ ᠤᠨ | ᠬᠦᠵᠦᠬᠦᠦ ᠪᠠᠨ ᠠᠯᠴᠢᠭᠤᠷ ᠢᠶᠠᠷ ᠴᠢᠩᠭ᠎ᠠ | ᠤᠷᠢᠶᠠᠵᠤ ᠤᠶᠠᠬᠤ ᠬᠡᠷᠡᠭᠳᠡᠢ᠃ ᠦᠬᠡᠢ ᠪᠤᠯ | ᠬᠤᠯᠵᠢᠨ ᠴᠢᠨ᠋ᠸ᠎ᠡ ᠢᠳᠡᠭᠰᠠᠨ ᠮᠢᠬ᠎ᠠ ᠪᠠᠨ | ᠪᠦᠬᠦᠨ ᠢ ᠪᠦᠬᠡᠯᠵᠢᠵᠤ ᠭᠠᠷᠭᠠᠭᠠᠳ ᠪᠠᠶ᠎ᠠ | ᠬᠦᠩᠬᠡᠨ ᠢᠶᠠᠷ ᠲᠤᠳᠠᠭᠠᠨ ᠵᠢᠭᠤᠳᠠᠳᠠᠭ᠃ | ᠬᠦᠵᠦᠬᠦᠦ ᠪᠠᠨ ᠠᠯᠴᠢᠭᠤᠷ ᠢᠶᠠᠷ ᠪᠤᠭᠤᠪᠠᠯ | ᠴᠢᠨ᠋ᠸ᠎ᠡ ᠢᠳᠡᠭᠰᠠᠨ ᠮᠢᠬ᠎ᠠ ᠪᠠᠨ | ᠪᠦᠬᠡᠯᠵᠢᠵᠤ ᠴᠢᠳᠠᠬᠤ ᠦᠬᠡᠢ ᠴᠠᠳᠬᠤᠯᠠᠩ | ᠤᠴᠢᠷ ᠠᠴᠠ ᠮᠤᠷᠢ ᠲᠠᠢ ᠬᠦᠮᠦᠨ ᠲᠠᠢ | ᠠᠮᠠᠷᠬᠠᠨᠨ ᠬᠦᠢᠴᠡᠭᠳᠡᠵᠤ ᠤᠷᠭᠠᠯᠠᠬᠳᠠᠨ | ᠴᠢᠷᠴᠦ ᠠᠯᠠᠬᠳᠠᠳᠠᠭ᠃ | ᠤᠳᠤᠷᠯᠠᠨ ᠨᠡᠬᠦᠳᠠᠯᠯᠠᠵᠤ ᠪᠠᠭᠤᠬᠤ ᠳᠠᠭᠠᠨ | ᠵᠤᠨ ᠨᠠᠮᠤᠷ ᠤᠨ ᠤᠯᠠᠷᠢᠯ ᠳᠤ ᠨᠢᠬᠡ | ᠪᠠᠭᠤᠴᠠᠨ ᠲᠡᠭᠡᠷ᠎ᠡ ᠭᠤᠷᠪᠠᠨ ᠭᠠᠷᠠᠭ ᠠᠴᠠ | ᠢᠯᠡᠬᠦᠦ ᠰᠠᠭᠤᠳᠠᠭ ᠦᠬᠡᠢ᠃ ᠨᠡᠬᠦᠵᠤ | ᠶᠠᠪᠤᠬᠤ ᠳᠠᠭᠠᠨ ᠮᠠᠯᠳᠠᠬᠰᠠᠨ ᠨᠦᠬᠡ | ᠪᠦᠬᠦᠨ ᠢᠶᠠᠨ ᠪᠦᠷ ᠪᠤᠯᠠᠵᠤ ᠲᠠᠯᠪᠢᠳᠠᠭ | ᠤᠴᠢᠷ ᠠᠴᠠ ᠤᠷᠴᠢᠨ ᠠᠬᠤᠢ ᠡᠪᠳᠡᠭᠳᠡᠬᠦ | ᠦᠬᠡᠢ᠂ ᠭᠤᠷᠪᠠᠨ ᠭᠠᠷᠠᠭ ᠤᠨ ᠲᠠᠷᠠᠭ᠎ᠠ | ᠲᠠᠬᠢᠨ ᠡᠨᠡ ᠨᠤᠳᠤᠭ ᠲᠡᠭᠡᠷ᠎ᠡ ᠢᠷᠡᠬᠦ ᠳᠤ | ᠡᠷᠡᠬᠦᠯ ᠭᠠᠵᠠᠷ ᠠᠳᠠᠯᠢ ᠡᠪᠡᠰᠦ ᠨᠤᠭᠤᠭ᠎ᠠ | ᠤᠷᠭᠤᠳᠠᠭ ᠪᠢᠯᠡ᠃ | | ᠮᠠᠨᠳᠠᠷᠸ᠎ᠠ ᠬᠠᠩᠭᠠᠪᠠ | | | | |