ᠬᠠᠷᠴᠠᠭᠠᠨ ᠤ ᠣᠨᠢᠰᠦ
ᠨᠡᠶᠢᠲᠡᠯᠡᠭᠰᠡᠨ ᠴᠠᠭ᠄
2019/10/21
ᠬᠠᠷᠴᠠᠭᠠᠨ ᠤ ᠣᠨᠢᠰᠦ ᠪᠣᠯ ᠪᠣᠭᠲᠦ ᠴᠢᠮᠦᠭᠡᠨ ᠤ ᠬᠤᠶᠠᠷ ᠲᠣᠯᠣᠭᠠᠢ ᠶᠢ ᠨᠦᠯᠦᠭᠡᠯᠡᠵᠣ᠂ ᠨᠠᠷᠢᠨ ᠣᠳᠠᠰᠣᠨ ᠤ ᠬᠤᠶᠠᠷ ᠦᠵᠦᠭᠦᠷ ᠢ ᠣᠶᠠᠵᠣ ᠪᠠᠬᠢᠯᠡᠳᠡᠭ᠃ ᠬᠤᠶᠠᠷ ᠱᠠᠭ᠎ᠠ ᠶᠢ ᠲᠣᠰ ᠣᠳᠠᠰᠣᠨ ᠳᠠᠭᠠᠨ ᠬᠡᠯᠬᠢᠵᠣ᠂ ᠪᠣᠭᠳᠠ ᠴᠢᠮᠦᠭᠡᠨ ᠤ ᠲᠣᠮᠳᠠ ᠭᠡᠰᠡᠭ ᠤᠨ ᠨᠠᠷᠢᠨ ᠶᠠᠰᠣᠨ ᠤ ᠵᠠᠪᠰᠠᠷ ᠢᠶᠠᠷ ᠭᠤᠭᠴᠣᠭᠠᠯᠠᠨ ᠣᠶᠠᠵᠣ ᠲᠠᠯᠪᠢᠳᠠᠭ᠃ ᠣᠷᠣᠯᠳᠣᠬᠤ ᠠᠷᠭ᠎ᠠ ᠨᠢ ᠲᠡᠷᠡ ᠬᠤᠶᠠᠷ ᠱᠠᠭ᠎ᠠ ᠶᠢ ᠨᠢᠭᠡ ᠣᠳᠠᠭ᠎ᠠ ᠭᠤᠭᠴᠣᠭᠠᠯᠠᠭᠰᠠᠨ ᠣᠳᠠᠰᠣᠨ ᠠᠴᠠ ᠲᠠᠶᠢᠯᠠᠬᠤ ᠂ ᠲᠠᠬᠢᠨ ᠵᠦᠷᠢᠭᠦᠣ ᠭᠤᠭᠴᠣᠭᠠᠯᠠᠨ ᠲᠠᠶᠢᠯᠠᠬᠤ ᠶᠢ ᠭᠡᠷᠡᠭᠯᠡᠪᠡᠯ ᠨᠢᠭᠡ ᠲᠠᠯ᠎ᠠ ᠳᠤᠨᠢ ᠬᠤᠶᠠᠭᠤᠯᠠ ᠪᠠᠨ ᠭᠠᠷᠬᠤ ᠪᠣᠶᠣ ᠬᠤᠶᠠᠷ ᠲᠠᠯ᠎ᠠ ᠳᠤᠨᠢ ᠨᠢᠭᠡ ᠨᠢᠭᠡ ᠪᠠᠷ ᠭᠠᠷᠴᠣ ᠪᠣᠯᠳᠠᠭ᠃ ᠭᠡᠨ ᠭᠡᠷᠪᠡ ᠣᠷᠢᠳᠠᠪᠠᠷ ᠡᠨᠡ ᠲᠡᠯ᠎ᠡ ᠠᠴᠠ ᠨᠢ ᠨᠦᠭᠦᠭᠡ ᠲᠠᠯ᠎ᠠ ᠳᠤᠨᠢ ᠭᠠᠷᠭᠠᠵᠣ ᠴᠢᠳᠠᠪᠠᠯ ᠲᠡᠷᠡ ᠲᠡᠷᠣᠢ ᠢᠯᠠᠭᠴᠢ ᠪᠣᠯᠣᠨ᠎ᠠ᠃ ᠮᠠᠨᠵᠣ ᠮᠣᠩᠭᠤᠯ ᠤᠨ ᠣᠷᠣᠨ ᠳᠤ ᠭᠤᠯᠳᠦ ᠫᠣᠣ ᠶᠢ ᠭᠡᠷᠡᠭᠯᠡᠵᠣ ᠪᠠᠶᠢᠭᠰᠠᠨ ᠴᠠᠭ ᠲᠤ᠂ ᠠᠶᠢᠯ ᠤᠨ ᠭᠠᠭᠴᠠ ᠭᠦᠣ᠂ ᠴᠡᠷᠢᠭ ᠤᠨ ᠠᠯᠪᠠᠨ ᠳᠤ ᠪᠠᠷᠢᠭᠳᠠᠨ ᠶᠠᠪᠣᠭᠠᠳ ᠪᠣᠭᠲᠦ ᠴᠢᠮᠦᠭᠡ ᠪᠠᠷ ᠠᠮᠢ ᠪᠠᠨ ᠠᠪᠣᠷᠠᠭᠤᠯᠣᠭᠰᠠᠨ ᠲᠣᠮᠤᠭ ᠢᠶᠠᠷ ᠵᠢᠱᠢᠶᠠᠯᠠᠵᠣ᠂ ᠣᠳᠣᠬᠠᠨ ᠤ ᠮᠣᠩᠭᠤᠯᠴᠣᠳ ᠤᠨ ᠲᠣᠳᠣᠷ᠎ᠠ ᠭᠠᠭᠴᠠ ᠭᠦᠣ ᠲᠠᠢ ᠭᠦᠮᠦᠨ ᠪᠣᠭᠳᠦ ᠴᠢᠮᠦᠭᠡ ᠶᠢ ᠬᠤᠭᠤᠯᠳᠠᠭ ᠦᠭᠡᠢ ᠭᠡᠳᠡᠭ ᠶᠠᠷᠢᠶ᠎ᠠ ᠲᠠᠢ ᠬᠤᠯᠪᠣᠭᠠᠲᠠᠢ ᠦᠢᠯᠡ ᠶᠠᠪᠣᠳᠠᠯ ᠭᠡᠵᠣ ᠭᠡᠯᠡᠵᠣ ᠪᠣᠯᠣᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号