ᠮᠤᠩᠭᠤᠯᠴᠤᠳ ᠪᠤᠷᠭᠠᠰᠤ ᠶᠢ ᠡᠷᠬᠢᠮᠯᠡᠭᠦ ᠶᠢᠨ ᠤᠴᠢᠷ
ᠨᠡᠶᠢᠲᠡᠯᠡᠭᠰᠡᠨ ᠴᠠᠭ᠄
2019/11/18
ᠪᠠᠶᠢᠭᠠᠯᠢ ᠣᠷᠴᠢᠨ ᠰᠠᠶᠢᠨ ᠪᠠᠶᠢᠭ᠎ᠠ ᠴᠠᠭ ᠦᠶ᠎ᠡ ᠳᠤ ᠪᠣᠷᠭᠠᠰᠣ ᠪᠡᠷᠭᠡ ᠵᠢᠯᠠᠭ᠎ᠠ ᠬᠤᠳᠣᠭᠤᠷ ᠬᠦᠨᠳᠡᠢ ᠲᠦᠬᠦᠷᠡᠩ ᠣᠷᠭᠤᠵᠣ᠂ ᠴᠠᠭᠠᠨ ᠪᠣᠷᠭᠠᠰᠣ᠂ ᠬᠦᠬᠡ ᠪᠣᠷᠭᠠᠰᠣ᠂ ᠰᠢᠷ᠎ᠠ ᠪᠣᠷᠭᠠᠰᠣ ᠨᠢ ᠮᠣᠩᠭᠤᠯᠴᠣᠳ ᠤᠨ ᠠᠵᠣ ᠠᠮᠢᠳᠣᠷᠠᠯ ᠳᠤ ᠲᠦᠯᠡᠰᠢ ᠪᠣᠶᠣ ᠬᠠᠰᠢᠶ᠎ᠠ ᠬᠤᠷᠤᠭ᠎ᠠ ᠶᠢ ᠪᠠᠬᠢᠯᠡᠬᠦ ᠵᠠᠮᠪᠠ ᠪᠣᠯᠵᠣ ᠢᠷᠡᠵᠡᠢ᠃ ᠡᠷᠳᠡ ᠲᠡᠭᠡᠷ᠎ᠡ ᠴᠠᠭ ᠠᠴᠠ ᠪᠣᠷᠭᠠᠰᠣ ᠶᠢ ᠬᠠᠯᠬᠠᠴᠣᠳ ︽ᠮᠣᠩᠭᠤᠯ ᠮᠣᠳᠣ︾ ᠭᠡᠵᠣ ᠨᠡᠷᠡᠶᠢᠳᠣᠨ ᠨᠠᠨᠳᠢᠩᠨᠠᠵᠣ ᠢᠷᠡᠵᠡᠢ᠃ ᠮᠠᠨ ᠤ ᠦᠪᠣᠷ ᠮᠣᠩᠭᠤᠯ ᠤᠨ ᠵᠡᠬᠦᠨ ᠬᠤᠶᠢᠳᠣ ᠬᠡᠰᠡᠭ ᠲᠤ ᠪᠣᠷᠭᠠᠰᠣ ᠶᠢ ᠪᠣᠷᠬᠠᠨ ᠲᠡᠭᠷᠢ ᠠᠴᠠ ᠬᠠᠶᠢᠷᠠᠯᠠᠭᠰᠠᠨ ᠣᠷᠭᠤᠮᠠᠯ ᠭᠡᠳᠡᠭ᠃ ᠡᠶᠢᠮᠣ ᠠᠴᠠ ᠪᠠᠨ ᠪᠦᠬᠡᠮ ᠪᠦᠬᠡᠮ ᠢᠶᠠᠷ ᠣᠷᠭᠤᠭᠰᠠᠨ ᠴᠠᠭᠠᠨ ᠪᠣᠷᠭᠠᠰᠣ ᠶᠢ ᠣᠭᠳᠣᠯᠵᠣ ᠬᠢᠰᠬᠢᠬᠦ ᠶᠢ ᠴᠡᠭᠡᠷᠯᠡᠳᠡᠭ᠃ ᠠᠭᠤᠯᠠ ᠲᠠᠪᠠᠭᠠᠨ ᠳᠤ ᠪᠣᠰᠬᠠᠭᠰᠠᠨ ᠣᠪᠣᠭᠠᠨ ᠤ ᠣᠷᠣᠢ ᠳᠤ ᠪᠣᠷᠭᠠᠰᠣ ᠬᠠᠳᠬᠤᠳᠠᠭ ᠶᠣᠮ᠂ ᠡᠬᠦᠨ ᠢ ᠵᠠᠯᠮ᠎ᠠ ᠬᠡᠳᠡᠭ᠃ ᠵᠠᠯᠮ᠎ᠠ ᠬᠢᠬᠦ ᠪᠣᠷᠭᠠᠰᠣᠨ ᠤ ᠮᠦᠴᠢᠷ ᠢ ᠣᠭᠳᠣᠯᠵᠣ ᠠᠪᠳᠠᠭ ᠦᠬᠡᠢ᠂ ᠴᠣᠭᠤᠯᠵᠣ ᠠᠪᠳᠠᠭ ᠵᠠᠩᠰᠢᠯ ᠲᠠᠢ ᠶᠣᠮ᠃ ᠮᠣᠩᠭᠤᠯᠴᠣᠳ ᠶᠡᠷᠦ ᠪᠣᠷᠭᠠᠰᠣ ᠶᠢ ᠲᠦᠯᠣᠪᠯᠡᠭᠡ ᠲᠠᠢ ᠬᠠᠳᠣᠳᠠᠭ᠃ ᠴᠠᠭᠠᠨ ᠪᠣᠷᠭᠠᠰᠣ ᠴᠤ᠂ ᠬᠦᠬᠡ ᠪᠣᠷᠭᠠᠰᠣ ᠴᠦ᠂ ᠰᠢᠷ᠎ᠠ ᠪᠣᠷᠭᠠᠰᠣ ᠴᠦ ᠪᠦᠷ ᠬᠠᠷ᠎ᠠ ᠴᠠᠭᠠᠨ ᠵᠠᠭᠠᠭ ᠢᠶᠠᠷ ᠨᠢ ᠰᠢᠷᠬᠡᠭᠴᠢᠯᠡᠨ ᠬᠠᠳᠣᠳᠠᠭ᠂ ᠲᠡᠭᠡᠬᠦᠷ ᠨᠢ ᠬᠠᠳᠣᠬᠤ ᠦᠬᠡᠢ᠂ ᠦᠨᠳᠣᠰᠣ ᠪᠠᠷ ᠨᠢ ᠬᠠᠳᠣᠬᠤ ᠦᠬᠡᠢ ᠪᠠᠶᠢᠳᠠᠭ᠃ ᠢᠡᠭᠬᠢᠵᠣ ᠬᠠᠳᠣᠭᠰᠠᠨ ᠪᠣᠷᠭᠠᠰᠣ ᠶᠢᠨ ᠣᠷᠭᠤᠯᠳᠠ ᠨᠢ ᠰᠠᠶᠢᠨ ᠪᠠᠶᠢᠳᠠᠭ᠃ ᠵᠡᠬᠦᠨ ᠣᠷᠣᠨ ᠳᠤ ᠪᠦᠳᠣᠬᠦᠨ ᠪᠣᠷᠭᠠᠰᠣ ᠪᠠᠷ ᠬᠠᠪᠴᠢᠶᠠᠷᠢ ᠶᠢᠨ ᠬᠡᠷ ᠪᠠᠷᠢᠳᠠᠭ᠃ ᠪᠡᠷᠭᠡ ᠵᠢᠯᠠᠭ᠎ᠠ ᠪᠠᠷ ᠪᠣᠳᠠ ᠪᠣᠳᠠ ᠣᠷᠭᠤᠭᠰᠠᠨ ᠪᠣᠷᠭᠠᠰᠣ ᠶᠢ ᠦᠵᠡᠬᠦ ᠪᠦᠷᠢ ᠡᠨᠡ ᠪᠣᠯ ᠮᠠᠨ ᠤ ᠮᠣᠩᠭᠤᠯᠴᠣᠳ ᠤᠨ ︽ᠮᠣᠩᠭᠤᠯ ᠮᠣᠳᠣ᠂ ᠪᠣᠷᠬᠠᠨ ᠠᠴᠠ ᠬᠠᠶᠢᠷᠠᠯᠠᠭᠰᠠᠨ ᠬᠡᠰᠢᠭ︾ ᠬᠡᠳᠡᠭ᠃ ᠬᠦᠭᠰᠢᠷᠡᠭᠰᠡᠨ ᠴᠠᠭᠠᠨ ᠪᠣᠷᠭᠠᠰᠣ ᠶᠢᠨ ᠲᠦᠯᠡᠰᠢ ᠶᠢᠨ ᠨᠡᠶᠢᠷᠡᠰᠣ ᠶᠢ ᠨᠢ ᠢᠳᠡᠵᠦ ᠪᠤᠯᠳᠠᠭ᠃ ᠪᠣᠷᠭᠠᠰᠣ ᠶᠢᠨ ᠴᠤᠭ ᠨᠢ ᠰᠠᠶᠢᠨ᠂ ᠪᠤᠷᠭᠠᠰᠤᠨ ᠦᠨᠡᠰᠣ ᠨᠢ ᠴᠠᠭᠠᠨ ᠮᠦᠷᠳᠡᠭᠡᠨ ᠪᠣᠳᠠᠷᠠᠬᠤ ᠦᠬᠡᠢ ᠶᠤᠮ᠃ ᠮᠣᠩᠭᠤᠯᠴᠣᠳ ᠤᠨ ᠡᠬᠦᠳᠡᠨ ᠳᠤ ᠦᠨᠡᠰᠣᠨ ᠣᠪᠣᠭ᠎ᠠ ᠬᠡᠵᠣ ᠪᠠᠶᠢᠳᠠᠭ᠃ ᠦᠨᠡᠰᠣᠨ ᠲᠡᠭᠡᠷ᠎ᠡ ᠡᠯᠳᠡᠪ ᠤᠨ ᠯᠠᠢ ᠬᠤᠭ ᠬᠠᠶᠠᠵᠣ ᠪᠣᠯᠳᠠᠭ ᠦᠬᠡᠢ ᠵᠠᠩ ᠵᠠᠩᠰᠢᠯ ᠲᠠᠢ ᠮᠦᠷᠳᠡᠭᠡᠨ ᠪᠣᠭᠤᠷᠤᠯ ᠨᠠᠰᠣᠳᠠᠶᠢᠴᠣᠳ ᠨᠢ ᠦᠨᠡᠰᠣᠨ ᠣᠪᠣᠭ᠎ᠠ ᠲᠡᠭᠡᠷ᠎ᠡ ᠪᠠᠨ ᠵᠣᠭᠰᠣᠵᠣ ᠠᠯᠣᠰ ᠢ ᠪᠠᠷᠠᠯᠠᠳᠠᠭ᠂ ᠮᠠᠯ ᠠᠳᠣᠭᠤ ᠪᠠᠨ ᠪᠠᠷᠠᠯᠠᠳᠠᠭ᠂ ᠭᠠᠳᠠᠭᠰᠢ ᠭᠠᠷᠣᠭᠰᠠᠨ ᠬᠡᠣᠭᠡᠳ ᠢᠶᠠᠨ ᠪᠠᠷᠠᠯᠠᠳᠠᠭ ᠶᠤᠮ᠃ ᠤᠤᠯ ᠳᠠᠭᠠᠨ ᠦᠨᠡᠰᠣᠨ ᠣᠪᠣᠭ᠎ᠠ ᠶᠢᠨ ᠦᠨᠳᠣᠷ ᠪᠣᠭᠤᠨᠢ ᠪᠠᠷ ᠨᠢ ᠠᠶᠢᠯ ᠡᠷᠣᠭᠡ ᠶᠢᠨ ᠪᠠᠶᠠᠨ ᠶᠠᠳᠠᠭᠤ ᠶᠢ ᠦᠵᠡᠨ ᠭᠠᠷᠳᠠᠭ ᠬᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号