| | ᠮᠤᠩᠭᠤᠯᠴᠤᠳ ᠶᠠᠮᠠᠷ ᠴᠤ ᠲᠠᠨᠢᠬᠤ᠂ ᠲᠠᠨᠢᠬᠤ ᠦᠭᠡᠢ ᠬᠦᠮᠤᠰ ᠲᠠᠢ ᠤᠴᠠᠷᠠᠭᠰᠠᠠ ᠤ ᠲᠠᠷᠠᠭ᠎ᠠ ᠠᠮᠤᠷ ᠮᠠᠨᠳᠤ ᠶᠢᠨ | ᠶᠤᠰᠤ ᠪᠠᠷ ᠵᠤᠯᠭᠠᠯᠴᠠᠳᠠᠭ ᠢᠶᠠᠷ ᠪᠠᠷᠠᠬᠤ ᠦᠭᠡᠢ ᠠᠮᠤᠷ ᠮᠠᠨᠳᠤ ᠪᠠᠨ ᠮᠡᠳᠡᠯᠴᠡᠭᠰᠡᠨ ᠤ ᠲᠠᠷᠠᠭ᠎ᠠ ᠲᠠᠷᠨ ᠬᠦᠮᠤᠨ ᠶᠠᠭᠤ | ᠬᠢᠵᠤ ᠪᠠᠶᠢᠪᠡᠯ ᠬᠢᠭᠰᠡᠨ ᠵᠦᠢᠯ ᠢ ᠪᠡᠯᠭᠡᠰᠢᠶᠠᠨ ᠬᠡᠯᠡᠯᠴᠡᠳᠡᠭ ᠶᠤᠰᠤ ᠲᠠᠢ᠃ ᠵᠢᠱᠢᠶᠡᠯᠡᠪᠡᠯ᠄ ᠨᠦᠬᠦᠭᠡ ᠬᠦᠮᠤᠨ ᠬᠡᠷᠪᠡ | ᠴᠠᠢ ᠤᠤᠭᠤᠵᠤ ᠪᠠᠶᠢᠬᠰᠡᠨ ᠪᠤᠯ ︿ᠴᠠᠢ ᠠᠷᠪᠢᠨ︖﹀ ᠭᠡᠳᠡᠭ᠃ ᠨᠦᠬᠦᠭᠡ ᠬᠦᠮᠤᠨ ᠬᠡᠷᠪᠡ ᠪᠤᠳᠠᠭ᠎ᠠ ᠢᠳᠡᠵᠤ | ᠪᠠᠶᠢᠬᠰᠡᠨ ᠪᠤᠯ ︿ᠵᠠ᠂ ᠪᠤᠳᠠᠭ᠎ᠠ ᠠᠷᠪᠢᠨ︖﹀ ᠭᠡᠳᠡᠭ᠃ ᠠᠰᠠᠭᠤᠬᠳᠠᠬᠰᠡᠨ ᠬᠦᠮᠤᠨ ᠤ ᠬᠠᠷᠢᠭᠤᠯᠳᠡ ᠪᠤᠯ᠄ ︿ | ᠵᠠ᠂ ᠲᠡᠷᠨ ᠪᠡᠯᠭᠡ ᠪᠠᠷ ᠪᠤᠯ︕﹀ ᠭᠡᠳᠡᠭ᠃ ᠨᠦᠬᠦᠭᠡ ᠬᠦᠮᠤᠨ ᠨᠢ ᠬᠡᠷᠪᠡ ᠬᠤᠷᠢᠶ᠎ᠠ ᠪᠠᠷᠢᠵᠤ ᠪᠠᠶᠢᠬᠰᠡᠨ ᠪᠤᠯ ︿ | ᠵᠠ᠂ ᠬᠤᠷᠢᠶ᠎ᠠ ᠵᠤᠬᠢᠷᠠ︕﹀ ᠭᠡᠳᠡᠭ᠃ ᠬᠠᠷᠢᠭᠤᠯᠳᠡ ᠨᠢ ︿ᠪᠡᠯᠭᠡ ᠪᠠᠷ ᠪᠤᠯ︕﹀ ᠭᠡᠬᠦ ᠪᠤᠶᠤ ︿ᠵᠤᠷᠢᠭ | ᠵᠤᠬᠢᠷᠠ︕﹀ ᠭᠡᠳᠡᠭ᠃ | ᠬᠤᠨᠢ᠂ ᠢᠮᠠᠭ᠎ᠠ᠂ ᠦᠨᠢᠶ᠎ᠡ ᠰᠠᠭᠠᠵᠤ ᠪᠠᠶᠢᠬᠰᠡᠨ ᠪᠤᠯ ︿ᠵᠠ᠂ ᠦᠰᠦ᠋ ︵ᠰᠦ︶ ᠠᠷᠪᠢᠨ︶ ᠭᠡᠬᠦ ᠪᠤᠶᠤ ︿ᠰᠠᠭᠠᠯᠢ | ᠰᠠᠶᠢᠨ﹀ ᠭᠡᠳᠡᠭ᠃ ᠬᠠᠷᠢᠭᠤ ᠨᠢ᠄ ︿ᠪᠡᠯᠭᠡ ᠪᠠᠷ ᠪᠤᠯ︕﹀ ᠭᠡᠳᠡᠭ᠃ ᠴᠤᠯᠪᠤᠭᠤᠷ᠂ ᠪᠤᠷᠠᠨᠳᠠᠭ ᠲᠠᠮᠤᠵᠤ ᠪᠠᠶᠢᠭ᠎ᠠ | ᠪᠤᠯ ︿ᠡᠷᠴᠢ ᠴᠢᠩᠭᠠᠷᠨ︕﹀ ᠭᠡᠳᠡᠭ᠃ ᠴᠢᠳᠤᠷ᠂ ᠲᠤᠰᠢᠶ᠎ᠠ ᠮᠤᠰᠬᠢᠵᠤ ᠪᠠᠶᠢᠭ᠎ᠠ ᠪᠤᠯ ︿ᠦᠢᠯᠨ ᠵᠤᠬᠢᠷᠨ︕﹀ | ᠭᠡᠳᠡᠭ᠃ ᠬᠠᠷᠢᠭᠤ ᠨᠢ ︿ᠵᠤᠷᠢᠭ ᠵᠤᠬᠢᠷᠨ︕﹀ ᠭᠡᠳᠡᠭ᠃ ᠦᠢᠯᠨ ᠤᠳᠠᠰᠤ ᠤᠶᠤᠵᠤ ᠪᠠᠶᠢᠭ᠎ᠠ ᠪᠤᠯ᠄ ︿ᠦᠢᠯᠨ | ᠵᠤᠬᠢᠷᠨ︕﹀ ᠭᠡᠳᠡᠭ᠃ ᠬᠠᠷᠢᠭᠤ ᠨᠢ ︿ᠵᠤᠷᠢᠭ ᠵᠤᠬᠢᠷᠨ︕﹀ ᠭᠡᠳᠡᠭ᠃ ᠮᠤᠷᠢ ᠤᠨᠤᠭ᠎ᠠ ᠲᠠᠢ ᠤᠷᠤᠯᠳᠤᠵᠤ | ᠪᠠᠶᠢᠭ᠎ᠠ ᠪᠤᠯ᠄ ︿ᠮᠤᠷᠢ ᠬᠤᠷᠳᠤᠨ ᠪᠤᠯ︕﹀ ᠭᠡᠳᠡᠭ᠃ ᠬᠠᠷᠢᠭᠤ ᠨᠢ᠄ ︿ᠪᠡᠯᠭᠡ ᠪᠠᠷ ᠪᠤᠯ︕﹀ ᠭᠡᠬᠦ ᠪᠤᠶᠤ ︿ | ᠠᠮᠠᠨ ᠪᠡᠯᠭᠡ ᠪᠠᠷ ᠴᠢᠨᠢ ᠪᠤᠯ︕﹀ ᠭᠡᠳᠡᠭ᠃ ᠬᠤᠨᠢ ᠬᠠᠶᠢᠴᠢᠯᠠᠵᠤ ᠪᠠᠶᠢᠭ᠎ᠠ ᠪᠤᠯ᠄ ︿ᠬᠠᠶᠢᠴᠢ ᠬᠤᠷᠴᠨ︕﹀ | ᠭᠡᠬᠦ ᠪᠤᠶᠤ ︿ᠠᠬᠤᠷ ᠠᠷᠪᠢᠨ︕﹀ ᠭᠡᠬᠦ ᠪᠤᠶᠤ ︿ᠭᠠᠷ ᠬᠤᠷᠳᠤᠨ︕﹀ ᠭᠡᠳᠡᠭ᠃ ᠬᠠᠷᠢᠭᠤ ᠨᠢ᠄ ︿ᠲᠠᠨ ᠤ | ᠪᠡᠯᠭᠡ ᠪᠠᠷ︕﹀ ᠭᠡᠬᠦ ᠪᠤᠶᠤ ︿ᠬᠤᠷᠴᠨ︕﹀ ᠭᠡᠳᠡᠭ᠃ ᠬᠤᠳᠳᠤᠭ ᠤᠰᠤ ᠲᠠᠢ ᠤᠷᠤᠯᠳᠤᠵᠤ ᠪᠠᠶᠢᠪᠠᠯ᠄ ︿ | ᠤᠰᠤ ᠡᠯᠪᠡᠭ﹀ ᠭᠡᠬᠦ ᠪᠤᠶᠤ ︿ᠤᠨᠳᠤᠷᠤᠭ᠎ᠠ ᠰᠠᠶᠢᠨ︕﹀ ᠭᠡᠵᠤ ᠪᠡᠯᠭᠡᠳᠡᠳᠡᠭ᠃ ᠬᠠᠷᠢᠭᠤ ᠨᠢ᠄ ︿ᠲᠡᠷᠨ ᠪᠡᠯᠭᠡ | ᠪᠠᠷ ᠪᠤᠯᠳᠤᠭᠠᠢ︕﹀ ᠭᠡᠳᠡᠭ᠃ | ᠦᠬᠦᠴᠨ ᠨᠦᠬᠡᠴᠨ ᠭᠠᠷᠭᠠᠬᠤ ᠪᠤᠶᠤ ᠱᠦᠯᠦ ᠤᠰᠤ ᠤᠤᠭᠤᠬᠤ ᠭᠡᠵᠤ ᠮᠠᠯ ᠵᠠᠷᠤᠵᠤ ᠪᠠᠶᠢᠭ᠎ᠠ ᠪᠤᠯ᠄ ︿ᠵᠠ᠂ | ᠲᠠᠷᠭᠤ ᠡᠯᠪᠡᠭ︕﹀ ᠭᠡᠬᠦ ᠪᠤᠶᠤ ︿ᠮᠢᠬ᠎ᠠ ᠠᠷᠪᠢᠨ︕﹀ ᠭᠡᠳᠡᠭ᠃ ᠬᠠᠷᠢᠭᠤ ᠨᠢ ︿ᠪᠡᠯᠭᠡ ᠪᠠᠷ ᠪᠤᠯ︕﹀ | ᠭᠡᠳᠡᠭ᠃ ᠪᠡᠯᠴᠢᠭᠡᠷ ᠲᠤ ᠮᠠᠯ ᠳᠤ ᠶᠠᠪᠤᠵᠤ ᠪᠠᠶᠢᠪᠠᠯ᠄ ︿ᠬᠤᠨᠢ ᠲᠤᠬᠳᠠᠵᠤ ᠪᠠᠶᠢᠨ᠎ᠠ ᠤᠤ︖﹀᠂ ︿ᠠᠳᠤᠭᠤ | ᠲᠤᠬᠳᠠᠭᠤᠨ︕﹀᠂ ︿ᠪᠡᠯᠴᠢᠭᠡᠷᠰᠢᠵᠤ ᠪᠠᠶᠢᠨ᠎ᠠ﹀ ᠡᠰᠡᠭᠦᠯ᠎ᠡ ︿ᠲᠠᠨ ᠤ ᠪᠡᠯᠭᠡ ᠪᠠᠷ ᠰᠠᠶᠢᠬᠠᠨ ᠲᠤᠬᠳᠠᠵᠤ ᠪᠠᠶᠢᠨ᠎ᠠ | ︕᠃ ᠭᠡᠬᠦ ᠮᠡᠳᠤ ᠪᠠᠷ ᠬᠠᠷᠢᠭᠤᠯᠳᠠᠭ᠃ ᠠᠬᠤᠷ ᠤᠳᠠᠰᠤ ᠡᠭᠡᠷᠡᠵᠤ ᠪᠠᠶᠢᠬᠤ᠂ ᠡᠰᠡᠭᠦᠯ᠎ᠡ ᠤᠯᠤᠰᠤ ᠤᠳᠠᠰᠤ | ᠲᠠᠮᠤᠵᠤ ᠪᠠᠶᠢᠭ᠎ᠠ ᠪᠤᠯ᠄ ︿ᠤᠳᠠᠰᠤ ᠪᠦᠭᠡ ᠲᠠᠢ︕﹀ ᠭᠡᠬᠦ ᠪᠤᠶᠤ ︿ᠡᠷᠴᠢᠮ ᠲᠡᠩᠴᠨ︕﹀ ᠭᠡᠬᠦ ᠮᠡᠳᠤ ᠪᠠᠷ | ᠬᠡᠯᠡᠳᠡᠭ᠃ ᠬᠠᠷᠢᠭᠤ ᠨᠢ᠄ ︿ᠲᠡᠷᠨ ᠪᠡᠯᠭᠡ ᠪᠠᠷ ᠪᠤᠯᠳᠤᠭᠠᠢ︕﹀ ᠭᠡᠳᠡᠭ᠃ ᠡᠶᠢᠮᠤ ᠵᠢᠱᠢᠶ᠎ᠡ ᠶᠢ ᠬᠡᠯᠡᠭᠡᠳ ᠪᠠᠷᠠᠬᠤ | ᠦᠭᠡᠢ᠃ ᠶᠠᠷᠤ ᠨᠢ ᠮᠤᠩᠭᠤᠯ ᠬᠦᠮᠤᠨ᠂ ᠠᠭᠤᠯᠵᠠᠬᠰᠡᠨ ᠨᠦᠬᠦᠭᠡ ᠬᠦᠮᠤᠨ ᠤ ᠪᠠᠨ ᠠᠵᠢᠯ ᠬᠢᠳᠡᠯ ᠬᠢᠵᠤ ᠪᠠᠶᠢᠬᠤ | ᠲᠡᠭᠡᠷ᠎ᠡ ᠵᠤᠯᠭᠠᠪᠠᠯ ᠠᠯᠢ ᠰᠠᠶᠢᠨ ᠪᠡᠯᠭᠡ ᠲᠠᠢ ᠦᠭᠡ ᠪᠠᠷ ᠵᠤᠬᠢᠷᠠᠭᠠᠨ ᠪᠡᠯᠭᠡᠳᠡᠵᠤ ᠴᠢᠳᠠᠳᠠᠭ᠃ ᠲᠡᠷᠨ ᠮᠦᠷᠳᠡᠭᠡᠨ | ᠠᠵᠢᠯ ᠬᠢᠵᠤ ᠪᠠᠶᠢᠭ᠎ᠠ ᠬᠦᠮᠤᠨ ᠲᠠᠢ ᠠᠮᠤᠷ ᠮᠠᠨᠳᠤ ᠪᠠᠷ ᠮᠡᠳᠡᠯᠴᠡᠵᠤ᠂ ᠲᠡᠭᠦᠨ ᠤ ᠠᠵᠢᠯ ᠤᠷᠤᠬᠰᠢ ᠲᠠᠢ ᠪᠠᠶᠢᠭ᠎ᠠ | ᠶᠢ ᠪᠡᠯᠭᠡᠰᠢᠶᠠᠨ ᠵᠤᠷᠢᠬᠵᠢᠭᠤᠯᠵᠤ ᠪᠠᠶᠢᠳᠠᠭ ᠢᠶᠠᠷ ᠪᠠᠷᠠᠬᠤ ᠦᠭᠡᠢ ᠵᠠᠪᠡᠯ ᠭᠠᠷ ᠤᠷᠤᠵᠤ ᠲᠡᠷᠨ ᠬᠢᠳᠡᠯ ᠠᠵᠢᠯ ᠳᠤ ᠨᠢ | ᠵᠢᠭᠠᠬᠠᠨ ᠴᠤ ᠪᠤᠯᠳᠤᠭᠠᠢ ᠬᠠᠪᠰᠤᠷᠴᠤ ᠦᠭᠳᠡᠭ᠃ | ᠨᠡᠩ ᠲᠡᠭᠡᠷ᠎ᠡ ᠦᠶ᠎ᠡ ᠶᠢᠨ ᠨᠠᠰᠤᠳᠠᠢ ᠬᠦᠮᠤᠰ ᠠᠵᠢᠯ ᠬᠢᠵᠤ ᠪᠠᠶᠢᠪᠠᠯ᠄ ︿ᠲᠠ ᠵᠢᠭᠠᠬᠠᠨ ᠠᠮᠠᠷᠠᠵᠤ ᠪᠠᠢ᠂ ᠪᠢ | ᠬᠢᠭᠡᠳ ᠦᠭᠭᠦᠶ᠎ᠡ︕﹀ ᠭᠡᠵᠤ ᠬᠢᠵᠤ ᠦᠭᠳᠡᠭ᠃ ᠨᠠᠰᠤᠳᠠᠢ ᠬᠦᠮᠤᠰ ᠨᠢ᠄ ︿ᠠᠱᠢ ᠵᠠᠯᠠᠭᠤ ᠮᠢᠨᠢ︕ ᠶᠠᠮᠠᠷ | ᠰᠠᠶᠢᠬᠠᠨ ᠶᠤᠮ ᠪᠢᠯᠨ ᠳ᠋ᠠ᠂ ᠵᠠ᠂ ᠵᠠᠭᠤᠨ ᠨᠠᠰᠤᠯᠨ︕ ᠵᠠᠭᠤᠨ ᠨᠠᠮᠤᠷ ᠤᠨ ᠪᠠᠷ᠎ᠠ ᠦᠵᠡ︕﹀ ᠭᠡᠵᠤ | ᠪᠡᠯᠭᠡᠰᠢᠶᠠᠨ ᠢᠷᠦᠭᠡᠵᠤ᠂ ᠬᠢᠳᠡᠯ ᠢᠶᠠᠨ ᠦᠭᠴᠤ ᠠᠮᠠᠷᠠᠳᠠᠭ᠃ ᠭᠡᠪᠡᠴᠤ ᠲᠦᠰᠢᠭᠦᠯᠦᠭᠡᠳ ᠨᠢᠭᠡᠮᠤᠰᠤᠨ ᠵᠠᠷᠤᠭᠠᠳ | ᠤᠷᠤᠬᠤ ᠪᠢᠰᠢ ᠬᠠᠷᠢᠨ ᠵᠢᠭᠠᠬᠠᠨ ᠬᠢᠯᠭᠡᠴᠢᠭᠡᠭᠡᠳ᠄ ︿ᠵᠠ᠂ ᠬᠦᠤ ᠮᠢᠨᠢ ︵ᠭᠡᠤᠭᠡᠨ ᠮᠢᠨᠢ ᠭᠡᠳᠡᠭ ᠶᠤᠮ ᠤᠤ︶᠂ | ᠤᠳᠤ ᠪᠤᠯᠤᠬᠰᠡᠨ ᠪᠤᠯᠤᠬᠰᠡᠨ︕ ᠴᠠᠭᠠᠨ᠎ᠠ ᠴᠢᠨᠢ ᠬᠢᠳᠡᠯ ᠶᠠᠪᠤᠳᠠᠯ ᠴᠢᠨᠢ ᠬᠦᠯᠢᠶᠠᠵᠤ ᠪᠠᠢ ᠯᠨ ᠦᠭᠡᠢ᠂ ᠤᠳᠤ | ᠬᠢᠳᠡᠯ ᠶᠠᠪᠤᠳᠠᠯ ᠳᠤ ᠪᠠᠨ ᠶᠠᠪᠤ︕﹀ ᠭᠡᠵᠤ ᠬᠡᠯᠡᠳᠡᠭ᠃ ᠬᠠᠷᠢᠨ ᠨᠠᠰᠤᠳᠠᠢ ᠠᠬᠠᠮᠡᠳ ᠨᠢ ᠵᠠᠯᠠᠭᠤ ᠬᠦᠮᠤᠰ ᠤᠨ | ᠬᠢᠳᠡᠯ ᠠᠵᠢᠯ ᠬᠢᠵᠤ ᠪᠠᠶᠢᠬᠤ ᠲᠠᠢ ᠲᠠᠭᠠᠷᠠᠪᠠᠯ ᠪᠡᠯᠭᠡᠰᠢᠶᠠᠨ ᠵᠤᠷᠢᠬᠵᠢᠭᠤᠯᠤᠬᠰᠡᠨ ᠤ ᠲᠠᠷᠠᠭ᠎ᠠ ᠪᠠᠷᠠᠳᠠᠨ ᠰᠠᠭᠤᠵᠤ᠂ | ᠲᠡᠩᠭᠡᠭᠡ ᠰᠠᠶᠢᠳᠠᠢ ᠪᠤᠯ ᠪᠠᠰᠨ ᠪᠠᠭ᠎ᠠ ᠰᠠᠭ᠎ᠠ ᠦᠮᠤᠰᠢᠨ ︵ᠬᠠᠪᠰᠤᠷᠤᠨ ᠬᠢᠵᠤ︶᠂ ᠡᠰᠡᠭᠦᠯ᠎ᠡ ᠡᠭᠦᠨ ᠢ ᠨᠢ | ᠢᠡᠭᠬᠢᠪᠡᠯ ᠪᠦᠭᠡ ᠲᠠᠢ ᠪᠠᠶᠢᠳᠠᠭ ᠶᠤᠮ᠃ ᠲᠡᠭᠦᠨ ᠢ ᠨᠢ ᠲᠡᠭᠡᠪᠡᠯ ᠵᠤᠬᠢᠷᠠᠬᠤ ᠨᠢ ᠲᠡᠭᠡᠷ᠎ᠡ ᠁ ᠭᠡᠬᠦ ᠮᠡᠳᠤᠴᠢᠯᠡᠨ | ᠦᠪᠡᠷ ᠤᠨ ᠠᠷᠭ᠎ᠠ ᠲᠤᠷᠰᠢᠯᠭ᠎ᠠ ᠦᠡᠭᠭᠡᠷᠡᠭᠡᠭᠰᠡᠨ ᠢᠶᠠᠨ ᠬᠡᠯᠡᠵᠤ ᠦᠭᠳᠡᠭ᠃ | ᠲᠡᠭᠡᠭᠰᠡᠨ ᠳᠤ ᠪᠠᠨ ᠠᠷᠠᠳ ᠤᠨ ᠦᠭᠡᠨ ᠳᠤ᠄ ︿ᠵᠠᠯᠠᠭᠤ ᠬᠦᠮᠤᠨ ᠢᠷᠡᠪᠡᠯ ᠬᠦᠴᠤ ᠨᠡᠮᠡᠨ᠎ᠡ᠂ ᠡᠪᠤᠭᠡᠨ ᠬᠦᠮᠤᠨ | ᠢᠷᠡᠪᠡᠯ ᠦᠭᠡ ᠨᠡᠮᠡᠨ᠎ᠡ﹀ ᠭᠡᠳᠡᠭ ᠪᠠᠶᠢᠨ᠎ᠠ᠃ ᠮᠠᠯᠴᠢᠨ ᠮᠤᠩᠭᠤᠯ ᠬᠦᠮᠤᠨ ᠬᠢᠳᠡᠯ ᠠᠵᠢᠯ ᠬᠢᠵᠤ ᠪᠠᠶᠢᠭ᠎ᠠ ᠬᠦᠮᠤᠨ | ᠲᠠᠢ ᠲᠠᠭᠠᠷᠠᠬᠰᠡᠨ ᠠᠳᠠᠯ᠎ᠠ ᠵᠤᠯᠭᠠᠯ ᠦᠭᠡᠢ ᠴᠠᠭᠠᠭᠤᠷ ᠶᠠᠪᠤᠬᠰᠡᠨ ᠬᠦᠮᠤᠨ ᠢ ᠠᠮᠢ ᠪᠠᠨ ᠵᠦᠡᠭᠨᠡᠭᠰᠡᠨ ︵ᠪᠤᠳᠤᠬᠰᠡᠨ | ︶᠂ ᠰᠦᠷᠦᠭ ᠨᠡᠶᠢᠯᠡᠳᠡᠭ ᠦᠭᠡᠢ᠂ ᠵᠠᠯᠬᠠᠭᠤ ᠁ ᠭᠡᠬᠦ ᠮᠡᠳᠤ ᠪᠠᠷ ᠵᠢᠭᠰᠢᠨ ᠬᠡᠯᠡᠯᠴᠡᠳᠡᠭ᠃ | | |