| | ᠮᠣᠩᠭᠤᠯ ᠬᠤᠷᠢᠮ ᠤᠨ ᠪᠥᠭᠡᠵᠢ ᠨᠢ ᠪᠤᠰᠤᠳ ᠣᠷᠣᠨ ᠨᠤᠭᠤᠳ ᠤᠨ ᠬᠤᠷᠢᠮ ᠤᠨ ᠪᠥᠭᠡᠵᠢᠨ ᠠᠴᠠ ᠥᠭᠡᠷ᠎ᠡ | ᠬᠡᠯᠪᠡᠷᠢ ᠳᠦᠷᠰᠦ ᠪᠣᠯᠤᠨ ᠤᠳᠬ᠎ᠠ ᠠᠭᠤᠯᠭ᠎ᠠ ᠲᠠᠢ ᠶᠤᠮ᠃ ᠬᠤᠷᠢᠮ ᠤᠨ ᠪᠥᠭᠡᠵᠢ ᠨᠢ ᠬᠠᠲᠤᠨ ᠰᠦᠢᠬᠡ᠂ ᠬᠠᠭᠠᠨ | ᠪᠠᠭᠤᠪᠴᠢ ᠭᠡᠳᠡᠭ ᠮᠣᠩᠭᠤᠯ ᠬᠡᠭᠡᠨ ᠤ ᠳᠦᠷᠰᠦ ᠠᠴᠠ ᠡᠭᠦᠳᠤᠨ ᠬᠢᠭᠰᠡᠨ᠃ ᠡᠷᠡᠭᠲᠡᠢ ᠬᠦᠮᠦᠨ ᠤ ᠪᠥᠭᠡᠵᠢ ᠶᠢ | ᠬᠠᠭᠠᠨ ᠪᠠᠭᠤᠪᠴᠢ᠂ ᠡᠮᠡᠭᠲᠡᠢ ᠬᠦᠮᠦᠨ ᠤ ᠪᠥᠭᠡᠵᠢ ᠶᠢ ᠬᠠᠲᠤᠨ ᠰᠦᠢᠬᠡ ᠭᠡᠵᠦ ᠨᠡᠷᠡᠯᠡᠨ᠎ᠡ᠃ | ᠬᠡ ᠤᠭᠠᠯᠵᠠ ᠨᠢ ᠡᠭᠦᠷᠢᠳᠡ ᠶᠢᠨ ᠪᠠᠲᠤ ᠪᠠᠬᠢ ᠬᠤᠯᠪᠣᠭ᠎ᠠ ᠶᠢ ᠪᠡᠯᠭᠡᠳᠡᠭᠰᠡᠨ ᠲᠡᠮᠳᠡᠭ ᠶᠤᠮ᠃ ᠬᠤᠶᠠᠷ ᠳᠦᠷᠰᠦᠲᠦ | ᠬᠡ ᠬᠤᠭᠤᠷᠣᠨᠳᠣ ᠪᠠᠨ ᠬᠤᠯᠪᠣᠭᠳᠠᠭᠰᠠᠨ ᠨᠢ ᠬᠤᠣᠰ ᠵᠠᠯᠠᠭᠤᠴᠤᠳ ᠲᠤ ᠡᠭᠦᠷᠢᠳᠡ ᠬᠠᠮᠲᠤ ᠪᠠᠲᠤ ᠪᠠᠬᠢ ᠠᠵᠠ | ᠵᠢᠷᠭᠠᠯ ᠲᠠᠢ ᠠᠮᠢᠳᠤᠷᠠᠬᠤ ᠶᠢᠨ ᠢᠷᠤᠭᠡᠯ ᠲᠠᠯᠪᠢᠬᠰᠠᠨ ᠪᠢᠯᠠ᠃ | ᠬᠠᠭᠠᠨ ᠪᠠᠭᠤᠪᠴᠢ ᠨᠢ ᠬᠤᠶᠠᠷ ᠵᠥᠷᠢᠵᠦ ᠪᠠᠷᠢᠯᠳᠤᠭᠰᠠᠨ ᠳᠤᠭᠤᠢ ᠬᠡᠯᠪᠡᠷᠢ ᠲᠠᠢ᠃ ᠶᠠᠭᠠᠬᠢᠭᠠᠳ ᠬᠠᠭᠠᠨ | ᠪᠠᠭᠤᠪᠴᠢ ᠨᠢ ᠳᠤᠭᠤᠢ ᠬᠡᠯᠪᠡᠷᠢ ᠲᠠᠢ ᠪᠤᠢ︖ ᠤᠴᠢᠷ ᠨᠢ ᠮᠣᠩᠭᠤᠯ ᠭᠡᠷ ᠤᠨ ᠲᠣᠭᠤᠨᠣ ᠶᠢᠨ ᠬᠡᠯᠪᠡᠷᠢ᠂ ᠬᠤᠶᠠᠷ | ᠠᠶᠢᠯ ᠤᠨ ᠲᠣᠭᠤᠨᠣᠲᠤ ᠭᠡᠷ ᠠᠴᠠ ᠭᠠᠯ ᠭᠤᠯᠣᠮᠲᠠ ᠶᠢ ᠪᠠᠳᠠᠷᠠᠭᠠᠬᠤ ᠬᠦᠮᠦᠨ ᠨᠢ ᠨᠥᠬᠦᠷ ᠬᠦᠮᠦᠨ᠃ ᠬᠠᠲᠤᠨ | ᠰᠦᠢᠬᠡ ᠨᠢ ᠲᠠᠰᠢᠭᠤ ᠬᠤᠶᠠᠷ ᠳᠥᠷᠪᠡᠯᠵᠢᠨ ᠵᠥᠷᠢᠵᠦ ᠪᠠᠷᠢᠯᠳᠤᠭᠰᠠᠨ ᠪᠠᠶᠢᠳᠠᠭ᠃ ᠶᠠᠭᠠᠬᠢᠭᠠᠳ ᠬᠠᠲᠤᠨ ᠰᠦᠢᠬᠡ | ᠲᠠᠰᠢᠭᠤ ᠳᠥᠷᠪᠡᠯᠵᠢᠨ ᠬᠡᠯᠪᠡᠷᠢ ᠲᠠᠢ ᠪᠤᠢ︖ ᠲᠣᠭᠤᠨᠣᠲᠤ ᠭᠡᠷ ᠤᠨ ᠪᠠᠭᠠᠨ᠎ᠠ ᠲᠤᠯᠭᠠᠭᠤᠷᠢ ᠶᠢᠨ ᠬᠡᠯᠪᠡᠷᠢ᠂ | ᠬᠤᠣᠰ ᠪᠠᠭᠠᠨ᠎ᠠ ᠰᠢᠬ ᠬᠤᠶᠠᠭᠤᠯᠠ ᠪᠠᠨ ᠬᠠᠮᠲᠤ ᠳᠤ ᠪᠠᠨ ᠶᠠᠪᠤᠶ᠎ᠠ ᠭᠡᠵᠦ ᠴᠤ ᠮᠣᠩᠭᠤᠯ ᠠᠷᠠᠳ ᠤᠨ ᠳᠠᠭᠤᠤ ᠳᠤ | ᠭᠠᠷᠳᠠᠭ᠂ ᠲᠡᠭᠦᠨ ᠰᠢᠭ ᠲᠦᠰᠢᠭ ᠲᠤᠯᠭᠠᠭᠤᠷᠢ ᠨᠢ ᠡᠬᠡᠨᠡᠷ ᠬᠦᠮᠦᠨ ᠶᠤᠮ᠃ ᠪᠥᠭᠡᠵᠢ ᠶᠢᠨ ᠳᠣᠲᠣᠷᠠᠬᠢ ᠬᠤᠶᠠᠷ | ᠨᠢᠳᠦ ᠴᠢ᠂ ᠪᠢ᠂ ᠭᠠᠳᠠᠨ᠎ᠠ ᠲᠠᠯ᠎ᠠ ᠶᠢᠨ ᠭᠤᠷᠪᠠᠨ ᠨᠢᠳᠦ ᠠᠪᠤ᠂ ᠡᠵᠢ᠂ ᠠᠬ᠎ᠠ᠂ ᠳᠡᠭᠦᠦ᠂ ᠬᠠᠮᠢᠶᠠᠲᠠᠨ | ᠰᠠᠳᠤᠨ ᠲᠠᠢ ᠪᠠᠨ ᠦᠷᠭᠦᠯᠵᠢ ᠬᠤᠯᠪᠣᠭ᠎ᠠ ᠲᠠᠢ ᠠᠴᠠ ᠭᠠᠳᠠᠨ᠎ᠠ ᠪᠠᠰᠠ ᠳᠥᠷᠪᠡᠨ ᠵᠦᠭ ᠨᠠᠶ᠋ᠮᠠᠨ ᠵᠣᠪᠬᠢᠰ ᠲᠠᠢ | ᠵᠢᠷᠭᠠᠯ ᠵᠣᠪᠠᠯᠠᠩ ᠢ ᠬᠠᠮᠲᠤ ᠳᠤ ᠪᠠᠨ ᠲᠤᠭᠤᠯᠤᠨ᠎ᠠ ᠭᠡᠰᠡᠨ ᠪᠢᠯᠢᠭ ᠲᠡᠮᠳᠡᠭ ᠶᠤᠮ᠃ ᠶᠠᠭᠠᠬᠢᠭᠠᠳ ᠬᠠᠭᠠᠨ | ᠪᠠᠭᠤᠪᠴᠢ ᠭᠡᠵᠦ ᠨᠡᠷᠡᠯᠡᠪᠡ︖ ᠭᠡᠷᠭᠡᠢ ᠶᠢᠨ ᠢᠶᠠᠨ ᠴᠢᠮᠡᠭ ᠨᠢ ᠪᠣᠯᠵᠤ ᠶᠠᠪᠤᠬᠤ ᠤᠴᠢᠷ ᠬᠠᠭᠠᠨ ᠪᠠᠭᠤᠪᠴᠢ ᠭᠡᠵᠦ | ᠨᠡᠷᠡᠯᠡᠵᠡᠢ᠃ ᠶᠠᠭᠠᠬᠢᠭᠠᠳ ᠬᠠᠲᠤᠨ ᠰᠦᠢᠬᠡ ᠭᠡᠵᠦ ᠨᠡᠷᠡᠯᠡᠪᠡ︖ ᠡᠷ᠎ᠡ ᠬᠦᠮᠦᠨ ᠤ ᠪᠠᠨ ᠴᠣᠮᠦᠷᠯᠢᠭ ᠪᠣᠯᠵᠤ | ᠶᠠᠪᠤᠬᠤ ᠤᠴᠢᠷ ᠬᠠᠲᠤᠨ ᠰᠦᠢᠬᠡ ᠭᠡᠵᠦ ᠨᠡᠷᠡᠯᠡᠵᠡᠢ᠃ | ᠬᠤᠷᠢᠮ ᠤᠨ ᠪᠥᠭᠡᠵᠢ ᠶᠢ ᠡᠷᠡᠭᠲᠡᠢ ᠬᠦᠮᠦᠨ ᠪᠠᠷᠠᠭᠤᠨ ᠭᠠᠷ ᠲᠤ ᠪᠠᠨ ︵ᠴᠢᠨᠤ ᠡᠷᠬᠢᠮ ᠭᠦᠨᠳᠤᠯᠠᠯ ᠳᠤ ᠭᠡᠰᠡᠨ | ᠤᠳᠬ᠎ᠠ ᠲᠠᠢ︶ ᠡᠮᠡᠭᠲᠡᠢ ᠬᠦᠮᠦᠨ ᠵᠡᠭᠦᠨ ᠭᠠᠷ ᠲᠤ ᠪᠠᠨ ︵ᠴᠢᠨᠤ ᠵᠢᠷᠤᠭᠡᠨ ᠳᠤ ᠭᠡᠰᠡᠨ ᠤᠳᠬ᠎ᠠ ᠲᠠᠢ︶ ᠵᠡᠭᠦᠳᠡᠭ᠃ | ᠮᠣᠩᠭᠤᠯ ᠬᠤᠷᠢᠮ ᠤᠨ ᠪᠥᠭᠡᠵᠢ ᠨᠢ ᠨᠢᠭᠡᠨ ᠢᠵᠢᠯ᠂ ᠡᠷᠤᠭᠡ ᠭᠡᠷ᠂ ᠪᠠᠲᠤ ᠪᠠᠬᠢ᠂ ᠲᠦᠰᠢᠭ ᠲᠤᠯᠭᠠᠭᠤᠷᠢ᠂ | ᠠᠮᠢᠳᠤᠷᠠᠯ ᠤᠨ ᠬᠠᠲᠠᠭᠤ ᠵᠥᠭᠡᠯᠡᠨ ᠢ ᠬᠠᠮᠲᠤ ᠳᠤ ᠪᠠᠨ ᠳᠠᠪᠠᠨ ᠲᠤᠭᠤᠯᠵᠤ᠂ ᠠᠪᠤ ᠡᠵᠢ᠂ ᠠᠬ᠎ᠠ ᠳᠡᠭᠦᠦ᠂ ᠰᠠᠳᠤᠨ | ᠲᠦᠷᠦᠯ ᠳᠤ ᠪᠠᠨ ᠠᠵᠠ ᠵᠢᠷᠭᠠᠯ᠂ ᠰᠠᠶᠢᠨ ᠰᠠᠶᠢᠬᠠᠨ ᠪᠦᠬᠦᠨ ᠢ ᠪᠡᠯᠭᠡᠰᠢᠶᠡᠭᠰᠡᠨ ᠢᠶᠠᠷ ᠢᠶᠠᠨ ᠣᠨᠴᠠᠯᠢᠭ ᠲᠠᠢ ᠶᠤᠮ᠃ | | | |