ᠮᠤᠩᠭᠤᠯᠴᠤᠳ ᠤᠨ ᠨᠤᠬᠠᠢ ᠰᠢᠳᠤᠭᠦ ᠵᠠᠩᠰᠢᠯ
ᠨᠡᠶᠢᠲᠡᠯᠡᠭᠰᠡᠨ ᠴᠠᠭ᠄
2019/11/20
    ᠮᠤᠩᠭᠤᠯᠴᠤᠳ ᠠᠯᠢ ᠡᠷᠳᠡᠨ ᠠᠴᠠ ᠨᠤᠬᠠᠢ ᠲᠠᠵᠢᠭᠡᠵᠤ ᠪᠠᠶᠢᠵᠠᠢ᠃ ᠲᠠᠭᠡᠭᠦ ᠳᠤ ᠪᠠᠨ ᠬᠤᠳᠠ ᠭᠦᠷᠢᠶ᠎ᠠ ᠮᠠᠨᠠᠬᠤ ᠂ ᠮᠠᠯ ᠰᠦᠷᠦᠭ ᠲᠠᠭᠠᠬᠤ᠂ ᠠᠪᠠ ᠬᠤᠮᠤᠷᠭ᠎ᠠ ᠭᠢᠭᠦ ᠳᠤ ᠠᠡᠭ ᠠᠮᠢᠳᠠᠨ ᠢ ᠪᠠᠷᠢᠬᠤ ᠴᠢᠭᠯᠡᠯ ᠢᠶᠠᠷ ᠰᠤᠷᠭᠠᠵᠤ ᠡᠭᠢᠯᠠᠵᠠᠢ᠃ ᠮᠤᠩᠭᠤᠯ ᠨᠤᠬᠠᠢ ᠡᠵᠡᠨ ᠳᠤ ᠪᠠᠨ ᠡᠭᠡᠯᠢᠳᠠᠢ᠂ ᠴᠢᠭᠢ ᠰᠤᠷᠭᠤᠭ᠂ ᠨᠢᠳᠤ ᠬᠤᠷᠴᠠ᠂ ᠭᠦᠯ ᠬᠤᠷᠳᠤᠨ ᠂ ᠵᠠᠭᠤᠮᠠᠬᠠᠢ ᠪᠠᠷ ᠢᠶᠠᠨ ᠤᠨᠴᠠᠯᠢᠭᠳᠠᠨ᠎ᠠ᠃ ᠮᠤᠩᠭᠤᠯᠴᠤᠳ ᠨᠤᠬᠠᠢ ᠪᠠᠨ ᠪᠠᠷᠰ ᠮᠠᠳᠤ ᠭᠦᠴᠤᠷᠭᠡᠭ ᠠᠷᠰᠯᠠᠨ ᠮᠠᠳᠤ ᠰᠦᠷᠯᠢᠭ᠂ ᠬᠠᠨ ᠭᠠᠷᠤᠳᠢ ᠰᠢᠬ ᠬᠤᠷᠳᠤᠨ᠂ ᠯᠤᠤ ᠮᠠᠳᠤ ᠳᠤᠭᠰᠢᠨ ᠭᠡᠵᠤ ᠪᠠᠯᠭᠡᠰᠢᠶᠠᠨ᠂ ᠭᠦᠷᠤᠩᠭᠡ᠂ ᠮᠠᠯ ᠤᠨ  ᠬᠠᠮᠠᠭᠠᠯᠠᠭᠴᠢ᠂ ᠪᠠᠶᠠᠨ ᠭᠡᠰᠢᠭ ᠤᠨ ᠬᠠᠳᠠᠭᠠᠯᠠᠭᠴᠢ ᠢᠪᠡᠭᠡᠯᠳᠤ ᠠᠮᠢᠳᠠᠨ ᠭᠡᠮᠡᠨ ᠦᠵᠡᠳᠡᠭ᠃       ᠮᠤᠩᠭᠤᠯᠴᠤᠳ ᠨᠤᠬᠠᠢ ᠲᠠᠵᠢᠭᠡᠭᠦ ᠳᠤ ᠪᠠᠨ ᠭᠦᠯᠦᠭᠡᠨ ᠨᠤᠬᠠᠢ ᠲᠠᠵᠢᠭᠡᠳᠡᠭ᠃ ᠠᠯᠢ ᠨᠢᠭᠡᠨ ᠠᠶᠢᠯ ᠤᠨ ᠭᠢᠴᠢᠢ ᠨᠢ ᠵᠤᠯᠵᠠᠭᠠᠯᠠᠭᠰᠠᠨ ᠪᠤᠯ ᠡᠵᠡᠨ ᠳᠤ ᠨᠢ ᠨᠤᠬᠠᠢ ᠲᠠᠵᠢᠭᠡᠭᠦ ᠰᠠᠨᠠᠭ᠎ᠠ ᠪᠠᠨ ᠳᠤᠷᠠᠳᠴᠤ ᠬᠠᠳᠠᠭ ᠪᠠᠷᠢᠬᠤ ᠪᠦᠭᠡᠳ ᠡᠭᠡ ᠬᠢᠴᠢᠢ ᠳᠤ ᠨᠢ ᠪᠤᠳᠠᠭ᠎ᠠ ᠴᠢᠨᠠᠵᠤ ᠦᠭᠭᠦᠭᠡᠳ ᠠᠪᠬᠤ ᠭᠦᠯᠤᠭᠡ ᠪᠠᠨ ᠲᠠᠮᠳᠡᠭᠯᠡᠵᠤ ᠭᠦᠵᠤᠭᠦᠪᠴᠢ ᠪᠤᠶᠤ ᠭᠦᠯ ᠳᠤ ᠨᠢ ᠪᠦᠰ ᠤᠶᠠᠵᠤ ᠲᠠᠮᠳᠡᠭ ᠲᠠᠯᠪᠢᠳᠠᠭ᠃ ᠭᠦᠯᠦᠭᠡᠨ ᠨᠤᠬᠠᠢ ᠲᠠᠵᠢᠭᠡᠭᠦ ᠦᠶᠡᠰ ᠠᠶᠢᠯ ᠭᠡᠷ ᠤᠨ ᠢᠶᠠᠨ ᠤᠯᠠᠮᠵᠢᠯᠠᠯᠳᠤ ᠵᠠᠩᠰᠢᠯ ᠵᠢᠡᠷᠺ᠂ ᠵᠢᠰᠤ᠂ ᠰᠢᠨᠵᠢ ᠲᠦᠷᠭᠦ ᠶᠢ ᠨᠢ ᠰᠤᠩᠭᠤᠨ᠎ᠠ᠃         ᠤᠤᠯ ᠤᠨ ᠲᠦᠷᠪᠡᠨ ᠨᠢᠳᠤ ᠲᠠᠢ ︵ᠭᠦᠮᠤᠰᠭᠡᠨ ᠤ ᠭᠢᠨᠢ ᠲᠠᠭᠡᠷ᠎ᠠ ᠳᠤᠭᠤᠢ ᠬᠤᠤᠰ ᠮᠠᠩᠭᠡ ᠲᠠᠢ︶ ᠬᠠᠷ᠎ᠠ ᠬᠠᠯᠳᠠᠷ ᠨᠤᠬᠠᠢ ᠲᠠᠵᠢᠭᠡᠵᠤ ᠪᠠᠶᠢᠭᠰᠠᠨ ᠪᠤᠯ ᠮᠦᠨ ᠲᠠᠶᠢᠮᠤ ᠲᠦᠷᠭᠦ ᠲᠠᠢ ᠶᠢ ᠨᠢ ᠰᠤᠩᠭᠤᠬᠤ ᠨᠢ ᠤᠯᠠᠨ᠃ ᠲᠦᠷᠪᠡᠨ ᠨᠢᠳᠤ ᠲᠠᠢ ᠨᠤᠬᠠᠢ ᠨᠢ ᠠᠯᠢᠪᠠ ᠶᠠᠭᠤᠮ᠎ᠠ ᠶᠢ ᠨᠠᠪᠳᠠ ᠦᠵᠡᠵᠤ ᠭᠠᠷᠤᠨ᠎ᠠ᠂ ᠢᠯᠠᠩᠭᠤᠶ᠎ᠠ ᠠᠳᠠ ᠴᠢᠳᠭᠦᠷ ᠢ ᠦᠵᠡᠵᠤ ᠭᠠᠷᠳᠠᠭ ᠳᠤᠯᠠ ᠬᠤᠷᠢᠭᠯᠠᠵᠤ ᠴᠢᠳᠠᠨ᠎ᠠ ᠭᠡᠮᠡᠨ ᠭᠡᠯᠴᠡᠳᠡᠭ᠃ ᠵᠢᠷᠤᠭᠡ ᠴᠠᠭᠠᠨ ᠨᠤᠬᠠᠢ ᠶᠢ ᠰᠦᠰᠤ ᠵᠤᠷᠢᠭ ᠶᠡᠭᠡ᠂ ᠮᠠᠾᠠᠺᠠᠯᠠ ᠪᠤᠷᠬᠠᠨ ᠤ ᠭᠦᠯᠦᠭ ᠤᠨᠤᠭ᠎ᠠ ᠭᠡᠮᠡᠨ ᠶᠡᠭᠡᠳᠠ ᠡᠷᠭᠢᠮᠯᠠᠨ᠎ᠠ᠃ ᠲᠠᠰᠤ ᠬᠠᠷ᠎ᠠ ᠵᠢᠰᠤᠮ ᠤᠨ ᠤᠯᠠᠭᠠᠨ ᠨᠢᠳᠤᠨ ᠭᠦᠯᠤᠭᠡ ᠶᠢ ᠵᠤᠷᠢᠭ ᠶᠡᠭᠡ᠂ ᠭᠦᠴᠤ ᠲᠤᠷᠪᠢ ᠲᠠᠢ ᠨᠤᠬᠠᠢ ᠪᠤᠯᠤᠨ᠎ᠠ ᠭᠡᠮᠡᠨ ᠦᠵᠡᠳᠡᠭ᠃ ᠲᠦᠷᠪᠠᠨ ᠭᠦᠯ ᠤᠨ ᠰᠠᠷᠪᠠᠭᠠᠨ ᠦᠵᠤᠭᠦᠷ ᠴᠠᠭᠠᠨ᠂ ᠬᠠᠷ᠎ᠠ ᠵᠢᠰᠤᠳᠠᠢ ᠨᠤᠬᠠᠢ ᠶᠢ ᠶᠤᠸᠠᠮᠪᠤᠤ ᠠᠳᠬᠤᠭᠰᠠᠨ ᠪᠤᠶᠠᠨ ᠭᠡᠰᠢᠭ ᠲᠠᠢ ᠭᠡᠵᠤ ᠰᠢᠨᠵᠢᠯᠠᠨ᠎ᠠ᠃       ᠤᠯᠠᠭᠠᠨ ᠭᠢᠮᠤᠰᠤ ᠲᠠᠢ ᠭᠦᠯᠤᠭᠡ ᠶᠢ ᠪᠤᠶᠠᠨ ᠭᠡᠰᠢᠭ ᠳᠤᠭᠳᠠᠭᠠᠭᠴᠢ ᠭᠡᠮᠡᠨ ᠰᠢᠨᠵᠢᠯᠠᠨ᠎ᠠ᠃ ᠰᠢᠭᠢᠷ᠎ᠠ ᠴᠠᠭᠠᠨ᠂ ᠡᠷᠡᠤ ᠴᠠᠭᠠᠨ᠂ ᠰᠠᠭᠦᠯ ᠴᠠᠭᠠᠨ ᠢ ᠬᠤᠯᠭᠠᠢᠢᠴᠢ ᠰᠢᠨᠵᠢᠳᠠᠢ ᠭᠡᠳᠡᠭ᠂ ᠤᠷᠤᠭ ᠰᠠᠷᠠᠯ ᠵᠢᠰᠤᠮ ᠤᠨ ᠨᠤᠬᠠᠢ ᠲᠠᠵᠢᠭᠡᠭᠦ ᠶᠢ ᠴᠠᠭᠡᠷᠯᠡᠨ᠎ᠠ᠃ ᠤᠷᠤᠭ ᠰᠠᠷᠠᠯ ᠦᠡᠭᠭᠡᠳᠠᠢ ᠨᠤᠬᠠᠢ ᠲᠠᠵᠢᠭᠡᠪᠠᠯ ᠮᠠᠯ ᠰᠦᠷᠦᠭ᠂ ᠭᠡᠭᠡᠷ᠎ᠠ ᠶᠢᠨ ᠠᠷᠢᠶᠠᠳᠠᠨ ᠠᠮᠢᠳᠠᠨ ᠴᠢᠨ᠋ᠸ᠎ᠠ ᠶᠢ ᠢᠯᠭᠠᠨ ᠲᠠᠨᠢᠬᠤ ᠴᠢᠳᠠᠪᠤᠷᠢ ᠮᠠᠭᠤᠳᠠᠢ ᠪᠤᠯᠬᠤ ᠠᠴᠠ ᠪᠤᠯᠭᠤᠮᠵᠢᠯᠠᠳᠠᠭ᠃ ᠭᠠᠳᠠᠷ ᠲᠦᠷᠭᠦ ᠪᠠᠷ ᠨᠢ ᠳᠤᠯᠤᠭᠠᠢ ᠶᠡᠭᠡ᠂ ᠵᠠᠪᠠᠵᠢ ᠶᠡᠭᠡ᠂ ᠲᠦᠷᠪᠡᠨ ᠲᠠᠪᠠᠭ ᠳᠤᠮᠤ ᠪᠠᠶᠢᠬᠤ ᠶᠢ ᠠᠷᠰᠯᠠᠨ ᠤ ᠰᠢᠨᠵᠢ ᠭᠡᠮᠡᠨ ᠡᠷᠭᠢᠮᠯᠠᠳᠡᠭ᠃ ᠮᠤᠩᠭᠤᠯᠴᠤᠳ ᠲᠠᠶᠢᠭ᠎ᠠ᠂ ᠪᠤᠷᠴᠠ ᠤᠳᠤᠮ ᠤᠨ ᠨᠤᠬᠠᠢ ᠶᠢ ᠭᠤᠤᠯᠳᠠᠭᠤ ᠠᠪᠠ ᠭᠦᠷᠤᠭᠡ ᠳᠤ ᠭᠡᠷᠡᠯᠭᠡᠳᠡᠭ᠃ ᠠᠪᠠ ᠶᠢᠨ ᠨᠤᠬᠠᠢ ᠲᠠᠵᠢᠭᠡᠭᠦ ᠳᠤ ᠪᠠᠨ ᠬᠤᠰᠢᠭᠤ ᠤᠷᠳᠤ᠂ ᠴᠢᠭᠢ ᠪᠤᠰᠤᠭ᠎ᠠ ᠴᠡᠭᠡᠵᠢ ᠦᠷᠭᠡᠨ᠂ ᠭᠡᠳᠡᠰᠤ ᠨᠠᠷᠢᠨ᠂ ᠭᠦᠯ ᠤᠷᠳᠤ᠂ ᠨᠢᠳᠤ ᠬᠤᠷᠴᠠ᠂ ᠲᠠᠩᠨᠠᠢ ᠶᠢᠨ ᠭᠡ ᠨᠢᠭᠳᠠ ᠪᠠᠶᠢᠬᠤ ᠶᠢ ᠡᠷᠭᠢᠮᠯᠠᠨ᠎ᠠ᠃ ᠠᠷᠪᠠ ᠶᠢᠰᠤᠨ ᠭᠡ ᠲᠠᠢ ᠲᠠᠩᠨᠠᠢ ᠪᠦᠭᠦᠢ ᠨᠤᠬᠠᠢ ᠪᠠᠶᠢᠳᠠᠭ ᠭᠡᠵᠤ ᠭᠡᠯᠴᠡᠨ᠎ᠠ᠃ ᠤᠳᠤ ᠭᠤᠤᠯᠳᠠᠭᠤ 14 — 15 ᠭᠡ ᠠᠴᠠ ᠲᠠᠭᠡᠭᠰᠢᠭᠢ ᠭᠡ ᠲᠠᠢ ᠶᠢ ᠨᠢ ᠰᠤᠩᠭᠤᠳᠠᠭ᠃ ᠲᠠᠵᠢᠭᠡᠭᠰᠡᠨ ᠭᠦᠯᠤᠭᠡ ᠪᠠᠨ ᠡᠳᠤᠷ ᠤᠨ ᠰᠠᠶᠢᠨ ᠢ ᠰᠢᠨᠵᠢᠵᠤ ᠭᠡᠷ ᠲᠤ ᠪᠠᠨ ᠠᠪᠴᠢᠷᠠᠳᠠᠭ᠃        ᠭᠦᠯᠤᠭᠡ ᠳᠤ ᠪᠠᠨ ᠰᠦ ᠳᠤᠯᠢᠶᠠᠯᠭᠠᠵᠤ ᠬᠤᠭᠤᠯᠠ ᠦᠭᠴᠤ ᠭᠠᠳᠠᠷ ᠲᠦᠷᠭᠦ ᠪᠠᠶᠢᠳᠠᠯ ᠢ ᠰᠢᠨᠵᠢᠵᠤ ᠨᠠᠷ᠎ᠠ ᠦᠭᠭᠦᠨ᠎ᠠ᠃ ᠳᠤᠯᠤᠭᠠᠢ ᠳᠤᠮᠤ᠂ ᠵᠠᠪᠠᠵᠢ ᠶᠡᠭᠡ᠂ ᠭᠦᠯ ᠨᠢ ᠪᠤᠭᠤᠨᠢ ᠪᠤᠯ ᠠᠷᠰᠯᠠᠨ᠂ ᠭᠦᠨᠳᠠᠷ ᠭᠡᠭᠦ ᠮᠠᠳᠤ ᠨᠠᠷ᠎ᠠ ᠦᠭᠭᠦ ᠨᠢ ᠤᠯᠠᠨᠳᠠᠢ᠃ ᠴᠢᠭᠢ ᠬᠤᠯᠤᠭᠠᠷ᠂ ᠨᠢᠳᠤ ᠨᠢ ᠭᠡᠷᠠᠯ ᠲᠠᠢ᠂ ᠭᠦᠯ ᠤᠷᠳᠤ᠂ ᠤᠮᠤᠭ ᠶᠡᠭᠡ ᠪᠤᠯ ᠪᠠᠷᠰ᠂ ᠢᠷᠪᠢᠰ ᠭᠡᠭᠦ ᠨᠠᠷ᠎ᠠ ᠦᠭᠭᠦ ᠨᠢ ᠤᠯᠠᠨᠳᠠᠢ᠃ ᠭᠦᠯ ᠬᠤᠷᠳᠤᠨ᠂ ᠱᠤᠩᠭᠤᠨ ᠲᠠᠪᠭᠢᠬᠤ ᠨᠢ ᠰᠤᠮᠤ ᠮᠠᠳᠤ ᠬᠤᠷᠳᠤᠨ ᠪᠤᠯ ᠱᠤᠩᠬᠤᠷ᠂ ᠬᠠᠷᠴᠠᠭᠠᠢ ᠴᠤᠯᠠ ᠨᠠᠷ᠎ᠠ ᠦᠭᠭᠦ ᠨᠢ ᠤᠯᠠᠨᠳᠠᠢ᠃ ᠪᠠᠰᠠ ᠭᠠᠯᠵᠠᠭᠤ ᠭᠡᠮ ᠠᠷᠬᠠᠭ ᠢ ᠴᠡᠭᠡᠷᠯᠡᠵᠤ ᠬᠤᠶᠢᠯᠤᠭ ᠨᠠᠷ᠎ᠠ ᠦᠭᠭᠦ ᠪᠠ ᠭᠦᠯᠦᠭᠡᠨ ᠨᠤᠬᠠᠢ ᠶᠢ ᠲᠦᠷᠤᠭᠡᠨ ᠳᠤ ᠰᠢᠷᠭᠤᠭᠤᠯᠵᠤ ᠭᠠᠷᠠᠩᠬ᠎ᠠ ᠶᠢ ᠨᠢ ᠠᠪᠴᠤ ᠭᠠᠯᠵᠠᠭᠤ ᠭᠡᠮ ᠠᠷᠬᠠᠭ ᠳᠤᠰᠬᠤ ᠶᠢ ᠰᠠᠷᠭᠡᠶᠢᠯᠡᠭᠦ ᠳᠤᠮ ᠭᠢᠳᠡᠭ ᠵᠠᠩᠰᠢᠯ ᠲᠠᠢ᠃        ᠨᠤᠬᠠᠢ ᠶᠢ ᠴᠠᠪᠠᠷᠴᠢ᠂ ᠦᠨᠠᠨᠴᠢ ᠪᠠᠶᠢᠬᠤ ᠪᠠᠷ ᠰᠤᠷᠭᠠᠵᠤ ᠴᠠᠷ᠎ᠠ ᠳᠤ ᠨᠢ ᠴᠠᠪᠠᠷᠭᠡᠨ ᠲᠠᠵᠢᠭᠡᠵᠤ ᠠᠷᠠᠴᠢᠯᠠᠨ᠎ᠠ᠃ ᠭᠡᠷ ᠠᠴᠠ ᠪᠤᠶᠤ ᠰᠠᠭᠠᠬᠠᠯᠳᠠ ᠠᠶᠢᠯ ᠭᠦᠷᠰᠢ ᠠᠴᠠ ᠢᠳᠡᠰᠢ ᠵᠠᠭᠤᠵᠤ ᠢᠷᠡᠭᠦ ᠶᠢ ᠵᠠᠯᠬᠠᠭᠠᠨ ᠬᠤᠷᠢᠭᠯᠠᠵᠤ ᠬᠤᠯᠭᠠᠢᠢᠴᠢ ᠭᠡᠮ ᠠᠷᠬᠠᠭ ᠰᠤᠷᠬᠤ ᠶᠢ ᠰᠠᠷᠭᠡᠶᠢᠯᠡᠳᠡᠭ᠃ ᠰᠠᠶᠢᠳᠤᠷ ᠰᠤᠷᠭᠠᠭᠰᠠᠨ ᠨᠤᠬᠠᠢ ᠭᠡᠷ ᠬᠤᠳᠠᠨ ᠤ ᠪᠠᠨ ᠮᠠᠨᠠᠭᠠᠨ ᠳᠤ ᠬᠠᠳᠠᠭᠤ ᠬᠠᠷᠠᠵᠤ ᠦᠯᠪᠠᠷᠠᠳᠠᠯ᠎ᠠ ᠪᠠᠨ ᠦᠯᠤᠰᠦᠭᠰᠡᠨ ᠪᠠᠶᠢᠳᠠᠯ᠎ᠠ ᠲᠠᠯᠪᠢᠭᠰᠠᠨ ᠢᠳᠡᠭᠡ ᠰᠢᠭᠦᠰᠤ ᠶᠢ ᠤᠭᠳᠤ ᠭᠦᠳᠡᠯᠭᠡᠳᠡᠭ ᠦᠭᠡᠢ ᠪᠢᠯᠠ᠃ ᠭᠡᠤᠭᠡᠳ ᠤᠨᠠᠭᠰᠠᠨ ᠰᠢᠳᠤ ᠪᠠᠨ ᠦᠭᠡᠭᠦ ᠮᠢᠬᠠᠨ ᠳᠤ ᠪᠤᠭᠤᠵᠤ ᠨᠤᠬᠠᠢ ᠳᠤ ᠦᠭᠭᠦ ᠳᠤ ᠪᠠᠨ ︽ᠰᠠᠶᠢᠨ ᠰᠢᠳᠤ ᠬᠠᠶᠢᠷᠠᠯᠠᠭᠠᠷᠠᠢ︾ ᠭᠡᠵᠤ ᠭᠤᠶᠤᠳᠠᠭ ᠵᠠᠩᠰᠢᠯ ᠲᠠᠢ᠃ ᠡᠷ᠎ᠠ ᠨᠤᠬᠠᠢ ᠤᠷᠪᠠᠵᠤ ᠶᠠᠪᠤᠪᠠᠯ ᠡᠵᠡᠨ ᠤ ᠭᠠᠢ ᠵᠤᠪᠠᠯᠠᠩ ᠢ ᠠᠪᠴᠤ ᠶᠠᠪᠤᠯ᠎ᠠ ᠭᠡᠳᠡᠭ᠃ ᠦᠯᠦᠭᠴᠢᠨ ᠨᠤᠬᠠᠢ ᠤᠷᠪᠠᠵᠤ ᠶᠠᠪᠤᠪᠠᠯ ᠭᠡᠷ ᠤᠨ ᠠᠮᠠᠨ ᠭᠡᠰᠢᠭ ᠢ ᠠᠪᠴᠤ ᠶᠠᠪᠤᠯ᠎ᠠ ᠭᠡᠮᠡᠨ ᠬᠠᠷᠠᠮᠰᠠᠵᠤ ᠡᠷᠢᠯ ᠰᠤᠷᠠᠭ ᠲᠠᠯᠪᠢᠳᠠᠭ ᠵᠠᠩᠰᠢᠯ ᠲᠠᠢ᠃        ᠨᠤᠬᠠᠢ ᠦᠭᠦᠪᠠᠯ ᠬᠠᠮᠢᠶ᠎ᠠ ᠨᠠᠮᠢᠶ᠎ᠠ ᠦᠭᠡᠢ ᠬᠠᠶᠠᠳᠠᠭ ᠦᠭᠡᠢ᠂ ᠦᠭᠦᠭᠰᠡᠨ ᠭᠠᠵᠠᠷ ᠠᠴᠠ ᠨᠢ ᠰᠢᠯᠵᠢᠭᠦᠯᠦᠨ ᠵᠠᠶᠢᠯᠠᠭᠤᠯᠵᠤ ᠭᠦᠮᠦᠨ ᠮᠠᠯ ᠤᠨ ᠭᠦᠯ ᠦᠢᠮᠡᠭᠡᠨ ᠠᠴᠠ ᠵᠠᠶᠢᠳᠠᠭᠤ᠂ ᠡᠩᠭᠡᠷ ᠭᠠᠵᠠᠷ ᠲᠠᠯᠪᠢᠬᠤ ᠳᠤ ᠪᠠᠨ ᠳᠤᠯᠤᠭᠠᠢ ᠶᠢ ᠨᠢ ᠪᠠᠷᠠᠭᠤᠨᠰᠢ ᠬᠠᠨᠳᠤᠭᠤᠯᠵᠤ ᠠᠮᠠᠨ ᠳᠤ ᠨᠢ ᠰᠢᠷ᠎ᠠ ᠳᠤᠰᠤ ᠡᠮᠭᠦᠭᠦᠯᠦᠨ᠂ ᠰᠠᠭᠦᠯ ᠢ ᠨᠢ ᠲᠠᠰᠤᠯᠵᠤ ᠲᠠᠷᠠᠯᠠᠭᠦᠯᠦᠭᠡᠳ ︽ᠲᠠᠷᠠᠭ᠎ᠠ ᠲᠦᠷᠦᠯ ᠳᠤ ᠪᠠᠨ ᠭᠦᠮᠦᠨ ᠪᠤᠯᠵᠤ ᠲᠦᠷᠦᠭᠡᠷᠠᠢ︾ ᠭᠡᠵᠤ ᠢᠷᠤᠭᠡᠳᠡᠭ᠃ ᠬᠤᠳᠠᠴᠢ ᠨᠤᠬᠠᠢ ᠦᠭᠦᠪᠠᠯ ᠰᠠᠶᠢᠨ ᠭᠠᠵᠠᠷ ᠢ ᠰᠤᠩᠭᠤᠵᠤ ᠲᠠᠯᠪᠢᠨ᠎ᠠ᠃ ᠲᠠᠭᠡᠭᠦ ᠳᠤ ᠪᠠᠨ ᠠᠮᠠᠨ ᠳᠤ ᠨᠢ ᠬᠤᠨᠢᠨ ᠰᠠᠭᠦᠯ᠂  ᠰᠢᠷ᠎ᠠ ᠳᠤᠰᠤ ᠵᠠᠭᠤᠯᠭᠠᠵᠤ᠂ ᠰᠠᠭᠦᠯ ᠤᠨ ᠦᠵᠤᠭᠦᠷ ᠢ ᠨᠢ ᠤᠭᠳᠤᠯᠤᠨ ᠲᠦᠷᠪᠠᠨ ᠭᠦᠯ ᠳᠤᠤᠷ᠎ᠠ ᠨᠢ ᠲᠠᠯᠪᠢᠭᠠᠳ ︽ᠢᠷᠡᠭᠦ ᠲᠦᠷᠦᠯ ᠳᠤ ᠪᠠᠨ ᠭᠦᠮᠦᠨ ᠪᠤᠯᠵᠤ ᠲᠦᠷᠦᠭᠡᠷᠡᠢ︾ ᠭᠡᠮᠡᠨ ᠢᠷᠤᠭᠡᠵᠤ ᠪᠤᠳᠠᠭ᠎ᠠ ᠰᠠᠴᠤᠨ᠂ ᠳᠤᠯᠤᠭᠠᠢ ᠶᠢ ᠨᠢ ᠭᠡᠷ ᠤᠨ ᠢᠶᠠᠨ ᠵᠦᠭ ᠬᠠᠨᠳᠤᠭᠤᠯᠤᠨ ᠲᠠᠯᠪᠢᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号