| ᠱᠠᠭ᠎ᠠ ᠰᠢᠭᠦᠷᠡᠬᠦ ᠲᠣᠭᠯᠠᠭᠠᠮ ᠢᠶᠠᠷ ᠣᠯᠠᠨ ᠬᠥᠮᠥᠨ ᠣᠯᠠᠨ ᠱᠠᠭᠠᠢ ᠪᠠᠷ ᠲᠣᠭᠯᠠᠬᠤ ᠨᠢ ᠥᠷᠢᠰᠦᠯᠳᠦᠭᠡᠨ ᠲᠠᠢ | ᠪᠣᠯᠭᠠᠳᠠᠭ ᠃ ᠣᠯᠠᠨ ᠬᠥᠮᠥᠨ ᠲᠠᠯᠠᠴᠠᠵᠤ ᠲᠣᠭᠯᠠᠵᠤ ᠪᠣᠯᠳᠠᠭ ᠃ ᠵᠤᠵᠠᠭᠠᠨ ᠳᠡᠪᠵᠢᠶ᠎ᠡ ︵ᠣᠯᠪᠣᠭ ︶ ᠵᠠᠰᠠᠵᠤ | ᠲᠣᠭᠤᠷᠢᠨ ᠰᠠᠭᠤᠭᠠᠳ ᠱᠠᠭᠠᠢ ᠪᠠᠨ ᠳᠡᠪᠵᠢᠶᠡᠨ ᠳᠡᠭᠡᠷ᠎ᠡ ᠪᠠᠨ ᠲᠠᠷᠬᠠᠭᠠᠵᠤ ᠪᠠᠶᠢᠷᠢᠯᠠᠭᠤᠯᠤᠨ᠎ᠠ ᠃ | ᠬᠡᠨ ᠡᠬᠢᠯᠡᠵᠦ ᠲᠣᠭᠯᠠᠬᠤ ᠪᠠᠨ ᠲᠣᠭᠲᠠᠭᠠᠳ ᠨᠠᠷᠠ ᠵᠥᠪ ᠲᠣᠭᠤᠷᠢᠨ ᠲᠣᠭᠯᠠᠳᠠᠭ ᠃ ᠲᠣᠭᠯᠠᠭᠴᠢ | ᠰᠤᠮᠤ ᠨᠤᠭᠤᠳ ᠢᠶᠠᠨ ᠪᠠᠭᠲᠠᠬᠤ ︵ᠬᠥ᠋ ᠬᠤᠶᠠᠭ ︶ ᠢᠶᠠᠨ ᠥᠭᠡᠳᠡ ᠨᠢ ᠰᠢᠳᠡᠭᠡᠳ ᠲᠠᠷᠬᠠᠭᠠᠭᠰᠠᠨ | ᠱᠠᠭᠠᠢ ᠶᠢᠨ ᠢᠶᠠᠨ ᠥᠪᠡᠷ ᠤᠨ ᠤᠷᠢᠳᠤ ᠪᠠᠶᠢᠭ᠎ᠠ ᠵᠠᠬ᠎ᠠ ᠬᠡᠰᠡᠭ ᠠᠴᠠ ᠠᠳᠬᠤᠨ ᠳᠤ ᠪᠠᠨ ᠪᠠᠭᠲᠠᠬᠤ ᠬᠡᠰᠡᠭ ᠢ | ᠬᠠᠮᠤᠨ ᠠᠪᠴᠤ ᠳᠡᠭᠡᠭᠰᠢ ᠰᠢᠳᠡᠭᠰᠡᠨ ᠰᠤᠮᠤ ᠪᠠᠨ ᠠᠳᠬᠤᠭᠰᠠᠨ ᠱᠠᠭᠠᠢ ᠶᠢᠨ ᠳᠡᠭᠡᠷ᠎ᠡ ᠪᠠᠨ ᠲᠣᠭᠲᠠᠭᠠᠵᠤ ᠠᠪᠤᠨ᠎ᠠ ᠃ | ᠱᠠᠭ᠎ᠠ ᠬᠠᠮᠤᠵᠤ ᠠᠳᠬᠤᠬᠤ ᠳᠤ ᠪᠠᠨ ᠪᠤᠰᠤᠳ ᠱᠠᠭᠠᠢ ᠳᠤ ᠬᠦᠷᠴᠦ ᠂ ᠬᠥᠨᠳᠡᠵᠦ ᠪᠣᠯᠬᠤ ᠦᠭᠡᠢ ᠃ ᠬᠡᠷᠪᠡ ᠣᠶᠢᠷ᠎ᠠ | ᠣᠷᠴᠢᠮ ᠤᠨ ᠱᠠᠭᠠᠢ ᠳᠤ ᠭᠠᠷ ᠬᠦᠷᠴᠦ ᠬᠥᠳᠡᠯᠭᠡᠬᠦ ᠂ ᠠᠳᠬᠤᠭᠰᠠᠨ ᠱᠠᠭᠠᠢ ᠠᠴᠠ ᠪᠠᠨ ᠤᠨᠠᠭᠠᠪᠠᠯ ᠠᠯᠳᠠᠭ᠎ᠠ ᠭᠡᠵᠦ | ᠦᠵᠡᠭᠡᠳ ᠬᠦᠴᠦᠨ ᠦᠭᠡᠢ ᠳᠤ ᠲᠣᠭᠠᠴᠠᠵᠤ ᠳᠠᠷᠠᠭ᠎ᠠ ᠶᠢᠨ ᠬᠥᠮᠥᠨ ᠰᠢᠭᠦᠷᠡᠨ᠎ᠡ ᠃ | ᠳᠡᠭᠡᠷᠡᠬᠢ ᠠᠯᠳᠠᠭ᠎ᠠ ᠶᠢ ᠭᠠᠷᠭᠠᠯ ᠦᠭᠡᠢ ᠠᠪᠤᠭᠰᠠᠨ ᠬᠥᠮᠥᠨ ᠱᠠᠭᠠᠢ ᠪᠠᠨ ᠥᠪᠡᠷ ᠢᠶᠠᠨ ᠠᠪᠤᠨ᠎ᠠ ᠃ ᠢᠩᠭᠢᠵᠦ | ᠨᠠᠭᠠᠳᠤᠭᠰᠠᠭᠠᠷ ᠳᠡᠪᠵᠢᠶᠡᠨ ᠳᠡᠭᠡᠷᠡᠬᠢ ᠱᠠᠭ᠎ᠠ ᠳᠠᠭᠤᠰᠬᠤ ᠳᠤ ᠬᠠᠮᠤᠭ ᠤᠨ ᠴᠥᠭᠡᠬᠡᠨ ᠱᠠᠭᠠᠢ ᠲᠠᠢ ᠬᠥᠮᠥᠨ ᠤ | ᠱᠠᠭᠠᠶᠢᠨ ᠤ ᠲᠤᠭ᠎ᠠ ᠲᠠᠢ ᠠᠳᠠᠯᠢ ᠱᠠᠭ᠎ᠠ ᠨᠡᠶᠢᠯᠡᠭᠦᠯᠦᠨ ᠳᠡᠪᠵᠢᠶᠡᠨ ᠳᠤ ᠰᠠᠴᠤᠵᠤ ᠲᠠᠷᠬᠠᠭᠠᠭᠠᠳ ᠲᠦᠷᠦᠭᠦᠴᠢ ᠶᠢᠨ | ᠲᠣᠭᠯᠠᠯᠲᠠ ᠶᠢᠨ ᠬᠠᠮᠤᠭ ᠤᠨ ᠰᠡᠭᠦᠯᠴᠢ ᠶᠢᠨ ᠱᠠᠭᠠᠢ ᠶᠢ ᠠᠪᠤᠭᠰᠠᠨ ᠬᠥᠮᠥᠨ ᠡᠬᠢᠯᠡᠵᠦ ᠰᠢᠭᠦᠷᠡᠨ᠎ᠡ ᠃ | ᠱᠠᠭ᠎ᠠ ᠰᠢᠭᠦᠷᠡᠬᠦ ᠳᠤ ᠬᠠᠮᠤᠭ ᠤᠨ ᠰᠡᠭᠦᠯ ᠳᠤ ᠭᠠᠷ ᠪᠠᠭᠲᠠᠬᠤᠶᠢᠴᠠ ᠴᠥᠭᠡᠨ ᠱᠠᠭ᠎ᠠ ᠦᠯᠡᠳᠡᠪᠡᠯ ᠲᠡᠭᠦᠨ ᠢ | ᠬᠠᠵᠠᠭᠤ ᠶᠢᠨ ᠬᠥᠮᠥᠨ ᠠᠯᠠᠭᠠᠨ ᠳᠤ ᠪᠠᠨ ᠰᠢᠭᠰᠢᠨ ᠪᠠᠭᠴᠠᠯᠠᠵᠤ ᠥᠭᠳᠡᠭ ᠃ ᠡᠨᠡ ᠪᠠᠭᠴᠠ ᠶᠢ ᠰᠢᠭᠦᠷᠡᠬᠦ ᠳᠤ ᠨᠢᠭᠡ | ᠱᠠᠭ᠎ᠠ ᠦᠯᠡᠳᠡᠬᠦ ᠶᠢ ᠵᠥᠪᠰᠢᠶᠡᠷᠡᠳᠡᠭ ᠪᠥᠭᠡᠳ ᠡᠭᠦᠨ ᠢ ᠰᠡᠭᠦᠯ ᠭᠡᠵᠦ ᠨᠡᠷᠡᠯᠡᠳᠡᠭ ᠃ ᠬᠡᠷᠪᠡ ᠲᠣᠭᠯᠠᠭᠴᠢ | ᠡᠭᠡᠯᠵᠢᠨ ᠳᠤ ᠪᠠᠨ ᠡᠨᠡ ᠮᠢᠨᠤ ᠠᠯᠠᠭᠠᠨ ᠳᠤ ᠪᠠᠭᠲᠠᠬᠤ ᠦᠭᠡᠢ ᠭᠡᠵᠦ ᠦᠵᠡᠪᠡᠯ ᠪᠠᠭᠴᠠ ᠠᠴᠠ ᠭᠠᠭᠴᠠ ᠱᠠᠭ᠎ᠠ | ᠠᠪᠤᠭᠠᠳ ᠳᠠᠷᠠᠭ᠎ᠠ ᠶᠢᠨ ᠬᠥᠮᠥᠨ ᠰᠢᠭᠦᠷᠡᠳᠡᠭ ᠃ | ᠵᠠᠷᠢᠮ ᠲᠣᠬᠢᠶᠠᠯᠳᠤᠯ ᠳᠤ ᠴᠥᠭᠡᠬᠡᠨ 2 — 5 ᠬᠦᠷᠲᠡᠯ᠎ᠡ ᠱᠠᠭ᠎ᠠ ᠦᠯᠡᠳᠡᠪᠡᠯ ᠲᠡᠭᠦᠨ ᠢ ᠠᠳᠡ ᠲᠡᠨᠳᠡ | ᠪᠠᠶᠢᠷᠢᠯᠠᠭᠤᠯᠵᠤ ᠰᠤᠮᠤ ᠪᠤᠴᠠᠵᠤ ᠪᠠᠭᠤᠬᠤ ᠬᠤᠭᠤᠷᠣᠨᠳᠤ ᠲᠣᠩᠰᠢᠵᠤ ︵ᠲᠡᠭᠦᠵᠦ ︶ ᠠᠪᠳᠠᠭ ᠃ ᠡᠨᠡ ᠨᠢ ᠮᠠᠰᠢ | ᠬᠤᠷᠳᠤᠨ ᠱᠠᠯᠠᠮᠠᠭ ᠬᠥᠳᠡᠯᠭᠡᠭᠡᠨ ᠂ ᠬᠤᠷᠴᠠ ᠬᠠᠷᠠᠭ᠎ᠠ ᠂ ᠪᠠᠷᠢᠮᠵᠢᠶ᠎ᠠ ᠱᠠᠭᠠᠷᠳᠠᠳᠠᠭ ᠶᠤᠮ ᠃ | ᠡᠶᠢᠨ ᠬᠦ ᠨᠠᠭᠠᠳᠴᠤ ᠲᠣᠭᠯᠠᠯᠲᠠ ᠶᠢᠨ ᠶᠠᠪᠤᠴᠠ ᠳᠤ ᠨᠡᠶᠢᠯᠡᠬᠦ ᠱᠠᠭᠠᠢ ᠦᠭᠡᠢ ᠪᠣᠯᠣᠭᠰᠠᠨ ᠨᠢ | ᠬᠠᠰᠤᠭᠳᠠᠭᠰᠠᠨ ᠢᠶᠠᠷ ᠂ ᠪᠦᠬᠦ ᠱᠠᠭᠠᠢ ᠶᠢ ᠥᠪᠡᠷᠲᠡᠭᠡᠨ ᠠᠪᠴᠤ ᠴᠢᠳᠠᠭᠰᠠᠨ ᠨᠢ ᠬᠤᠵᠢᠳᠠᠭ ᠃ ᠰᠢᠭᠦᠷᠡᠬᠦ | ᠱᠠᠭᠠᠢ ᠳᠤ ᠵᠢᠵᠢᠭ ᠱᠠᠭᠠᠢ ᠨᠤᠭᠤᠳ ᠢ ᠲᠡᠭᠦᠵᠦ ᠲᠤᠰ ᠲᠤ ᠨᠢ ᠪᠡᠯᠡᠳᠬᠡᠭᠰᠡᠨ ᠪᠠᠶᠢᠳᠠᠭ ᠃ |