ᠬᠡᠤᠬᠡᠳ ᠤᠨ ᠲᠤᠬᠠᠢ ᠴᠡᠭᠡᠷ ᠶᠣᠰᠣᠨ
ᠨᠡᠶᠢᠲᠡᠯᠡᠭᠰᠡᠨ ᠴᠠᠭ᠄
2019/11/25
ᠵᠢᠷᠮᠦᠰᠦᠨ ᠡᠮᠡᠭᠲᠡᠢ ᠬᠦᠴᠡᠷᠬᠡᠢ ᠨᠢ ᠬᠡᠦᠬᠡᠳ ᠤᠨ ᠬᠦᠵᠦᠬᠦᠦ ᠶᠢ ᠣᠷᠢᠶᠠᠨ᠎ᠠ ᠬᠡᠵᠦ ᠲᠡᠭᠡᠰᠦ ᠰᠢᠷᠪᠤᠰᠦ ᠶᠢᠨ ᠲᠡᠭᠡᠬᠦᠷ ᠠᠯᠬᠤᠬᠤ ᠶᠢ ᠴᠡᠭᠡᠷᠯᠡᠲᠡᠭ᠂ ᠬᠡᠦᠬᠡᠳ ᠨᠢ ᠫᠠᠷᠭᠢᠯᠳᠠᠢ ᠪᠤᠯᠬᠤ ᠭᠡᠵᠦ ᠦᠭᠡ ᠣᠯᠠᠨ ᠶᠠᠷᠢᠬᠤ ᠶᠢ ᠴᠡᠭᠡᠷᠯᠡᠲᠡᠭ᠃ ᠵᠠᠷᠢᠮ ᠢᠲᠡᠭᠡᠨ ᠢ ᠦᠵᠡᠭᠡᠳ ᠣᠯᠵᠤ ᠢᠲᠡᠬᠦ ᠦᠬᠡᠢ ᠪᠤᠯ ᠬᠡᠦᠬᠡᠳ ᠤᠨ ᠨᠢᠲᠦ ᠤᠯᠠᠶᠢᠨ᠎ᠠ ᠭᠡᠳ ᠡᠯᠲᠡᠪ ᠢᠲᠡᠭᠡᠨ ᠤ ᠵᠦᠭ ᠬᠠᠷᠠᠬᠤ ᠶᠢ ᠴᠡᠭᠡᠷᠯᠡᠲᠡᠭ᠃ ᠬᠡᠦᠬᠡᠳ ᠦᠵᠡᠭᠲᠡᠪᠡᠯ ︵ᠭᠠᠷᠴᠤ ᠢᠷᠡᠪᠡᠯ︶ 3 ᠬᠤᠨᠤᠭ ᠲᠡᠭᠡᠷ᠎ᠡ ᠨᠢ ᠦᠯᠥᠭᠡᠢ ᠳᠤ ᠣᠷᠤᠭᠤᠯᠳᠠᠭ ᠪᠦᠭᠡᠳ ᠤᠶᠢᠷᠠᠬᠠᠨ ᠲᠦᠷᠦᠯ ᠰᠠᠳᠤᠨ ᠨᠢ ᠢᠷᠡᠵᠦ ᠪᠠᠶᠠᠷ ᠬᠦᠷᠭᠡᠨ ᠬᠠᠮᠵᠢᠳᠠᠭ᠃ ᠬᠡᠦᠬᠡᠳ ᠤᠨ ᠥᠯᠥᠭᠡᠢ ᠶᠢ ᠨᠠᠭᠠᠴᠤ ᠨᠢ ᠪᠡᠯᠡᠳᠭᠡᠲᠡᠭ᠃ ᠶᠡᠷᠦᠩᠬᠡᠢ ᠳᠡᠭᠡᠨ ᠬᠠᠶᠢᠯᠠᠰᠤᠨ ᠮᠣᠳᠤ ᠪᠠᠷ ᠱᠠᠭᠠᠳᠠᠭ ︵ᠵᠣᠬᠢᠶᠠᠳᠠᠭ︶᠃ ᠬᠡᠦᠬᠡᠳ ᠢ ᠮᠠᠩᠬ᠎ᠠ ᠶᠢᠨ ᠵᠦᠭᠡᠯᠡᠨ ᠰᠢᠷᠤᠢ ᠶᠢ ᠬᠠᠯᠠᠭᠤᠯᠵᠤ ᠦᠯᠥᠭᠡᠶᠢᠲᠡᠲᠡᠭ᠃ ᠥᠯᠥᠭᠡᠢ ᠶᠢᠨ ᠳᠤᠯᠤᠭᠠᠢ ᠶᠢᠨ ᠦᠵᠦᠬᠦᠷ ᠲᠤ ᠠᠯᠳᠠᠭᠠᠨ᠎ᠠ ᠪᠤᠶᠤ ᠪᠤᠷᠭᠠᠰᠤ ᠪᠠᠷ ᠮᠠᠳᠠᠭᠰᠠᠨ ᠨᠤᠮᠤ ᠲᠡᠭᠡᠷ᠎ᠡ ᠡᠷᠢᠶᠠᠨ ᠪᠤᠶᠤ ᠤᠯᠠᠭᠠᠨ ᠪᠦᠰ ᠤᠶᠤᠵᠤ ᠬᠠᠷᠠᠭ᠎ᠠ ᠬᠢᠲᠡᠭ᠃ ᠬᠠᠷᠠᠭ᠎ᠠ ᠠᠷᠤ ᠳᠤᠨᠢ ᠲᠤᠯᠢ᠂ ᠬᠢᠳᠤᠭ᠎ᠠ᠂ ᠭᠠᠤᠯᠢᠨ ᠵᠤᠭᠤᠰ᠂ ᠲᠡᠮᠥᠷ ᠵᠠᠩᠭᠤᠤ ᠁ ᠵᠡᠷᠭᠡ ᠶᠢᠨ ᠡᠳ᠋ ᠢ ᠡᠯᠬᠦᠵᠦ ᠬᠡᠦᠬᠡᠳ ᠤᠨ ᠭᠠᠢ ᠪᠠᠷᠴᠢᠳ ᠪᠤᠶᠤ ᠳᠠᠬᠤᠯ ᠬᠢᠵᠢᠭ ᠢ ᠵᠠᠶᠢᠯᠠᠭᠤᠯᠬᠤ ᠪᠡᠯᠭᠡᠲᠡᠯ ᠪᠤᠯᠭᠠᠳᠠᠭ᠃ ᠬᠡᠦᠬᠡᠳ ᠢ ᠰᠠᠷ᠎ᠠ ᠲᠦᠬᠦᠷᠦᠭᠰᠡᠨ ᠡᠷᠲᠡ ᠨᠢ ᠭᠠᠯ ᠤᠨ ᠪᠤᠷᠬᠠᠨ ᠳᠤ ᠮᠥᠷᠭᠦᠭᠦᠯᠵᠦ ᠳᠤᠰ ᠭᠡᠷ ᠤᠨ ᠨᠢᠭᠡᠨ ᠪᠦᠷᠢᠯᠳᠦᠬᠦᠨ ᠪᠤᠯᠤᠭᠰᠠᠨ ᠢ ᠢᠯᠡᠷᠬᠡᠶᠢᠯᠡᠵᠦ᠂ ᠭᠠᠳᠠᠭᠰᠢ 4 ᠵᠦᠭ ᠲᠤ ᠮᠦᠷᠭᠦᠭᠦᠯᠵᠦ ᠬᠠᠮᠢᠭᠠᠰᠢ ᠭᠠᠷᠤᠭᠰᠠᠨ ᠴᠤ ᠬᠠᠷᠰᠢ ᠦᠬᠡᠢ ᠪᠠᠶᠢᠬᠤ ᠶᠢ ᠵᠦᠩᠨᠡᠲᠡᠭ᠃ ᠵᠢᠯ ᠤᠨ ᠤᠢ ᠲᠡᠭᠡᠷ᠎ᠡ ᠪᠠᠰᠠ ᠬᠡᠦᠬᠡᠳ ᠤᠨ ᠶᠠᠭᠤ ᠠᠪᠬᠤ ᠶᠢ ᠳᠤᠷᠰᠢᠵᠤ ᠬᠤᠵᠢᠮ ᠶᠠᠭᠤᠨ ᠳᠤ ᠦᠭᠡᠲᠡᠲᠡᠢ ᠬᠦᠮᠥᠨ ᠪᠤᠯᠬᠤ ᠶᠢ ᠪᠡᠯᠭᠡᠰᠢᠶᠡᠲᠡᠭ᠃ ᠬᠡᠦᠬᠡᠳ ᠲᠤ ᠳᠠᠯᠪᠢᠵᠤ ᠦᠭᠬᠦᠭᠡᠳ ᠳᠤᠷᠰᠢᠳᠠᠭ ᠡᠳ᠋ ᠲᠤ ᠢᠲᠡᠭᠡᠨ ᠠᠴᠠ ᠡᠬᠢᠯᠡᠭᠡᠳ ᠪᠢᠷ ᠴᠠᠭᠠᠰᠤ᠂ ᠵᠤᠭᠤᠰ ᠮᠥᠩᠬᠦ᠂ ᠤᠶᠤᠳᠠᠯ ᠤᠳᠠᠰᠤ᠂ ᠬᠠᠳᠤᠭᠤᠷ ᠰᠦᠬᠡ ᠁ ᠬᠡᠬᠦᠴᠢᠯᠡᠨ ᠣᠯᠠᠨ ᠵᠦᠢᠯ ᠤᠨ ᠡᠳ᠋ ᠪᠤᠢ᠃ ᠬᠦᠩᠭᠡᠵᠢᠭᠰᠡᠨ ᠪᠦᠰᠡᠬᠦᠢ ᠶᠢᠨ ᠭᠡᠷ ᠲᠤ ᠬᠠᠮᠢᠶ᠎ᠠ ᠨᠠᠮᠢᠶ᠎ᠠ ᠦᠬᠡᠢ ᠤᠷᠤᠵᠤ ᠭᠠᠷᠳᠠᠭ ᠦᠬᠡᠢ᠂ ᠪᠤᠯᠭᠤᠭᠠᠵᠤ ᠳᠤᠬᠤᠨᠢᠭᠤᠯᠬᠤ ᠪᠠᠷ ᠤᠷᠤᠬᠤ ᠳᠠᠭᠠᠨ ᠲᠦᠯᠬᠢᠬᠦᠷ ᠠᠪᠴᠤ ᠤᠷᠤᠬᠤ ᠶᠢ ᠴᠡᠭᠡᠷᠯᠡᠲᠡᠭ᠂ ᠬᠡᠷᠪᠡ ᠮᠠᠷᠳᠠᠵᠤ ᠰᠡᠯᠲᠡᠭᠡᠳ ᠲᠦᠯᠬᠢᠬᠦᠷ ᠠᠪᠴᠤ ᠤᠷᠤᠭᠰᠠᠨ ᠪᠠᠶᠢᠪᠠᠯ ᠲᠦᠯᠬᠢᠬᠦᠷ ᠤᠨ ᠣᠭᠤᠰᠤᠷ ᠤᠨ ᠢᠶᠠᠨ ᠦᠵᠦᠬᠦᠷ ᠠᠴᠠ ᠤᠭᠳᠤᠯᠵᠤ ᠦᠭᠬᠦᠭᠡᠳ ᠭᠠᠯ ᠳᠤ ᠰᠢᠳᠠᠭᠠᠵᠤ ᠤᠳᠤᠭ᠎ᠠ ᠶᠢ ᠨᠢ ᠦᠨᠦᠷᠲᠦᠭᠦᠯᠲᠡᠭ᠃ ᠰᠦ ᠨᠢ ᠮᠠᠭᠤᠳᠠᠬᠤ ᠭᠡᠵᠦ ᠰᠠᠷ᠎ᠠ ᠳᠤ ᠰᠠᠭᠤᠭ᠎ᠠ ᠪᠦᠰᠡᠬᠦᠢ ᠭᠠᠷ ᠢᠶᠠᠷ ᠢᠶᠠᠨ ᠪᠤᠰᠤᠳ ᠲᠤ ᠶᠠᠭᠤᠮ᠎ᠠ ᠦᠭᠬᠦ ᠶᠢ ᠴᠡᠭᠡᠷᠯᠡᠲᠡᠭ᠃ ᠢᠷᠡᠭᠰᠡᠨ ᠵᠤᠴᠢᠨ ᠬᠡᠦᠬᠡᠳ ᠤᠨ ᠨᠦᠢᠷ ᠢ ᠠᠪᠠᠴᠢᠨ᠎ᠠ ᠭᠡᠵᠦ ᠬᠡᠦᠬᠡᠳ ᠢ ᠶᠠᠭ ᠦᠯᠥᠭᠡᠶᠢᠲᠡᠵᠦ ᠪᠠᠶᠢᠭ᠎ᠠ ᠦᠶ᠎ᠡ ᠳᠤ ᠪᠣᠴᠠᠵᠤ ᠶᠠᠪᠤᠬᠤ ᠶᠢ ᠴᠡᠬᠡᠷᠯᠡᠲᠡᠭ᠃ ᠬᠦᠰᠡᠵᠦ ᠣᠯᠣᠭᠰᠠᠨ ᠬᠡᠦᠬᠡᠳ ᠢ ᠲᠦᠷᠦᠩᠬᠦᠲᠡ ᠡᠭᠡᠮᠥᠭᠯᠡᠵᠦ ᠡᠩᠭᠦᠷᠡᠶᠢᠯᠡᠲᠡᠭ᠃ ᠳᠤᠯᠤᠭᠠᠢ ᠲᠦᠷᠦᠬᠦᠦ ᠪᠠ ᠨᠢᠭᠤᠷ ᠴᠢᠷᠠᠢ ᠶᠢ ᠨᠢ ᠬᠠᠵᠠᠭᠠᠢ ᠮᠠᠭᠤᠬᠠᠢ ᠪᠤᠯᠭᠠᠬᠤ ᠠᠴᠠ ᠬᠡᠷᠰᠡᠦᠯᠡᠵᠦ ᠬᠡᠦᠬᠡᠳ ᠢ ᠬᠤᠶᠠᠷ ᠳᠠᠯ᠎ᠠ ᠠᠴᠠ ᠨᠢ ᠬᠦᠬᠦᠬᠦᠯᠵᠦ ᠬᠤᠶᠠᠷ ᠲᠡᠶᠢᠰᠢ ᠠᠳᠠᠯᠢᠬᠠᠨ ᠤᠨᠲᠠᠭᠤᠯᠳᠠᠭ᠃ ᠨᠢᠲᠤ ᠶᠢ ᠨᠢ ᠬᠢᠯᠠᠭᠠᠷ ᠪᠤᠯᠭᠠᠬᠤ ᠠᠴᠠ ᠬᠡᠷᠰᠡᠦᠯᠡᠵᠦ ᠬᠡᠪᠲᠡᠵᠦ ᠪᠠᠶᠢᠭ᠎ᠠ ᠬᠡᠦᠬᠡᠳ ᠤᠨ ᠠᠰ ᠣᠷᠤᠢ ᠲᠡᠭᠡᠷ᠎ᠡ ᠠᠴᠠ ᠬᠠᠷᠠᠳᠠᠭ ᠦᠬᠡᠢ᠃ ᠨᠢᠯᠬ᠎ᠠ ᠬᠡᠦᠬᠡᠳ ᠢ ᠰᠡᠷᠡᠭᠡᠨ ᠪᠠᠶᠢᠵᠤ ᠭᠠᠳᠠᠭᠰᠢ ᠠᠪᠴᠤ ᠭᠠᠷᠳᠠᠭ ᠪᠤᠶᠤ ᠭᠡᠷ ᠲᠤ ᠠᠪᠴᠤ ᠣᠷᠤᠳᠠᠭ᠃ ᠰᠢᠲᠦ ᠨᠢ ᠠᠷᠵᠠᠭᠠᠷ ᠤᠷᠭᠤᠬᠤ ᠭᠡᠵᠦ᠂ ᠤᠬᠠᠭᠠᠨ ᠨᠢ ᠪᠦᠲᠦᠬᠦᠯᠢᠭ ᠳᠤᠮᠤᠵᠢᠬᠤ ᠭᠡᠵᠦ ᠬᠡᠦᠬᠡᠳ ᠤᠨ ᠭᠡᠵᠢᠭᠡ ᠶᠢ ᠰᠠᠮ ᠢᠶᠠᠷ ᠰᠠᠮᠨᠠᠬᠤ ᠶᠢ ᠴᠡᠭᠡᠷᠯᠡᠵᠦ᠂ ᠱᠦᠭᠦᠷ ᠢᠶᠠᠷ ᠱᠦᠭᠦᠷᠲᠡᠵᠦ ᠦᠭᠲᠡᠭ᠃ ᠬᠡᠦᠬᠡᠳ ᠤᠨ ᠦᠰᠦ ᠶᠢ ᠨᠤᠬᠠᠢ ᠡᠲᠦᠷ ᠵᠠᠰᠠᠵᠤ ᠦᠭᠲᠡᠭ ᠪᠦᠭᠡᠳ ᠲᠠᠤᠯᠠᠢ ᠡᠲᠦᠷ ᠦᠰᠦ ᠵᠠᠰᠠᠬᠤ ᠶᠢ ᠴᠡᠭᠡᠷᠯᠡᠲᠡᠭ ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号