ᠬᠤᠨᠢᠨ ᠤ ᠨᠠᠰᠤ ᠵᠢᠯ ᠤᠨ ᠳᠠᠭᠤᠳᠠᠯᠭ᠎ᠠ
ᠨᠡᠶᠢᠲᠡᠯᠡᠭᠰᠡᠨ ᠴᠠᠭ᠄
2019/11/27
ᠬᠤᠷᠠᠭ᠎ᠠ — ᠲᠤᠰ ᠵᠢᠯ ᠤᠨ ᠲᠦᠯ᠂ ᠪᠠᠰᠠ ᠨᠢᠯᠬ᠎ᠠ ᠬᠤᠷᠠᠭ᠎ᠠ ︵ᠰᠠᠶ᠋ᠢ ᠭᠠᠷᠤᠭᠰᠠᠨ︶᠂ ᠬᠦᠷᠤᠪᠡ ᠬᠤᠷᠠᠭ᠎ᠠ ︵ᠪᠦᠳᠦᠭᠦᠷᠡᠭᠰᠡᠨ︶᠂ ᠲᠠᠬᠤᠯᠠᠢ ︵ᠬᠦᠭ ᠠᠴᠠ ᠡᠮᠦᠨ᠎ᠡ ᠭᠠᠷᠤᠭᠰᠠᠨ︶᠂ ᠲᠡᠯᠡᠭᠡ ᠬᠤᠷᠠᠭ᠎ᠠ ︵ᠬᠤᠶᠠᠷ ᠡᠬᠡ ᠭᠦᠭᠦᠭᠰᠡᠨ︶᠂ ᠦᠨᠦᠴᠢᠨ ᠬᠤᠷᠠᠭ᠎ᠠ ︵ᠡᠬᠡ ᠦᠭᠡᠢ︶᠂ ᠢᠮᠠᠭᠠᠨ ᠤ ᠬᠤᠷᠠᠭ᠎ᠠ ︵ᠢᠮᠠᠭᠠᠨ ᠳᠤ ᠠᠪᠤᠭᠤᠯᠤᠭᠰᠠᠨ︶ ᠭᠡᠵᠦ ᠢᠯᠭᠠᠨ᠎ᠠ᠃  ᠲᠥᠯᠥᠭ  — ᠬᠤᠶᠠᠷ ᠨᠠᠰᠤ ᠲᠠᠢ᠂ ᠲᠦᠯᠦᠭ ᠭᠡᠳᠡᠭ᠂ ᠡᠮ᠎ᠡ ᠶᠢ ᠨᠢ ᠵᠤᠰᠠᠭ᠃ ᠬᠢᠵᠠᠯᠠᠩ — ᠭᠤᠷᠪᠠᠨ ᠨᠠᠰᠤ ᠲᠠᠢ᠂ ᠬᠢᠵᠠᠯᠠᠩ ᠡᠷ᠎ᠡ ︵ᠡᠮ᠎ᠡ︶ ᠬᠤᠨᠢ ᠭᠡᠵᠦ ᠢᠯᠭᠠᠬᠤ ᠪᠦᠭᠡᠳ ᠭᠤᠷᠪᠠᠨ ᠨᠠᠰᠤᠨ ᠳᠠᠭᠠᠨ ᠲᠤᠲᠤᠷ᠎ᠠ ᠬᠤᠤᠰ ᠰᠦᠨ ᠰᠢᠳᠦ ᠨᠢ ᠤᠨᠠᠵᠦ ᠲᠦᠷᠪᠡᠨ ᠬᠠᠯᠪᠠᠭ᠎ᠠ ᠭᠠᠷᠤᠨ᠎ᠠ᠂ ᠡᠭᠦᠨ ᠢ ︽ᠬᠢᠵᠠᠯᠠᠩ︾ ᠭᠡᠨ᠎ᠡ᠃ ᠰᠤᠶᠤᠯᠠᠩ — ᠲᠦᠷᠪᠡᠨ ᠨᠠᠰᠤ ᠲᠠᠢ᠂ ᠰᠤᠶᠤᠯᠠᠩ ᠡᠷ᠎ᠡ ︵ᠡᠮ᠎ᠡ︶ ᠬᠤᠨᠢ ᠭᠡᠵᠦ ᠢᠯᠭᠠᠬᠤ ᠪᠦᠭᠡᠳ ᠲᠦᠷᠪᠡᠨ ᠨᠠᠰᠤᠨ ᠳᠠᠭᠠᠨ ᠬᠤᠤᠰ ᠲᠤᠮᠳᠠ ᠰᠦᠨ ᠰᠢᠳᠦ ᠨᠢ ᠤᠨᠠᠵᠦ᠂ ᠵᠢᠷᠭᠤᠭᠠᠨ ᠬᠠᠯᠪᠠᠭ᠎ᠠ ᠭᠠᠷᠤᠨ᠎ᠠ᠂ ᠡᠭᠦᠨ ᠢ ︽ᠰᠤᠶᠤᠯᠠᠩ︾ ᠭᠡᠨ᠎ᠡ᠃ ᠬᠤᠨᠢ ᠲᠠᠪᠤᠨ ᠨᠠᠰᠤᠨ ᠳᠠᠭᠠᠨ ᠠᠷᠤ ᠶᠢᠨ ᠬᠤᠶᠠᠷ ᠡᠭᠦᠳᠡᠨ ᠰᠢᠳᠦ ᠨᠢ ᠤᠨᠠᠵᠦ᠂ ᠨᠠᠢᠮᠠᠨ ᠪᠠᠶᠢᠩᠭᠤ ᠶᠢᠨ ᠰᠢᠳᠦ ᠨᠢ ᠤᠷᠭᠤᠵᠦ ᠭᠦᠢᠴᠡᠨ᠎ᠡ᠃ ᠪᠦᠳᠦᠭᠦᠨ ᠬᠤᠨᠢ — ᠰᠤᠶᠤᠯᠠᠩ ᠠᠴᠠ ᠲᠡᠭᠡᠭᠰᠢᠬᠢ ᠨᠠᠰᠤᠨ ᠤ ᠬᠤᠨᠢ ᠶᠢ ᠬᠡᠯᠡᠬᠦ ᠪᠦᠭᠡᠳ ᠡᠷ᠎ᠡ ᠡᠮ᠎ᠡ ᠪᠠᠷ ᠨᠢ ᠢᠯᠭᠠᠨ᠎ᠠ᠃ ᠨᠠᠶᠢᠵᠢᠨ ᠬᠤᠨᠢ — ᠡᠮ᠎ᠡ ᠬᠤᠨᠢ ᠶᠢ ᠵᠢᠠᠭᠠᠨ᠎ᠠ ᠬᠢᠵᠢᠶᠡᠯᠢ — ᠶᠢᠰᠦᠨ ᠨᠠᠰᠤᠨ ᠠᠴᠠ ᠲᠡᠭᠡᠭᠰᠢᠬᠢ ᠬᠦᠭᠰᠢᠷᠡᠭᠰᠡᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号