| ᠴᠠᠭᠠᠨ ᠰᠠᠷ᠎ᠠ ᠪᠤᠯᠪᠠᠯ ᠠᠬᠠᠮᠠᠳ ᠨᠠᠰᠤᠳᠠᠳ ᠲᠤ ᠳᠠᠷᠠᠭᠠᠯᠠᠨ ᠬᠠᠳᠠᠭ ᠪᠠᠷᠢᠨ ᠵᠤᠯᠭᠠᠳᠠᠭ᠃ | ᠵᠤᠴᠢᠨ ᠢᠷᠡᠪᠡᠯ ᠬᠠᠰᠢᠶ᠎ᠠ ᠡᠬᠦᠲᠡᠨ ᠭᠠᠳᠠᠨ᠎ᠠ ᠪᠠᠨ ᠬᠦᠷᠴᠦ ᠤᠭᠳᠤᠨ ᠠᠪᠳᠠᠭ᠂ ᠶᠠᠪᠤᠬᠤ ᠦᠶ᠎ᠡ ᠳᠤᠨᠢ ᠬᠠᠰᠢᠶ᠎ᠠ | ᠡᠬᠦᠲᠡᠨ ᠭᠠᠳᠠᠨ᠎ᠠ ᠪᠠᠨ ᠭᠠᠷᠴᠤ ᠮᠤᠷᠳᠠᠭᠤᠯᠳᠠᠭ᠃ | ᠢᠷᠡᠭᠰᠡᠨ ᠵᠤᠴᠢᠨ ᠤᠨᠤᠭ᠎ᠠ ᠲᠠᠢ ᠪᠤᠯ ᠤᠨᠤᠭ᠎ᠠ ᠶᠢ ᠨᠢ ᠳᠤᠰᠤᠨ ᠠᠪᠴᠤ ᠤᠶᠠᠭ᠎ᠠ ᠲᠡᠭᠡᠷ᠎ᠡ ᠤᠶᠠᠵᠤ ᠠᠴᠢᠶ᠎ᠠ | ᠬᠦᠰᠭᠡ ᠶᠢ ᠨᠢ ᠪᠠᠭᠤᠯᠭᠠᠨ ᠭᠡᠷ ᠲᠤ ᠠᠪᠴᠤ ᠣᠷᠤᠳᠠᠭ᠂ ᠶᠠᠪᠤᠬᠤ ᠦᠶ᠎ᠡ ᠳᠤ ᠤᠨᠤᠭ᠎ᠠ ᠶᠢ ᠨᠢ ᠡᠮᠡᠭᠡᠯᠯᠡᠵᠦ ᠠᠴᠢᠶ᠎ᠠ | ᠬᠦᠰᠭᠡ ᠶᠢ ᠨᠢ ᠠᠴᠢᠵᠤ ᠤᠶᠠᠭ᠎ᠠ ᠠᠴᠠ ᠠᠯᠳᠠᠷᠠᠭᠠᠵᠤ ᠵᠤᠴᠢᠨ ᠳᠤ ᠴᠤᠯᠪᠤᠭᠤᠷ ᠢ ᠨᠢ ᠠᠳᠬᠤᠭᠤᠯᠵᠤ | ᠮᠤᠷᠳᠠᠭᠤᠯᠳᠠᠭ᠃ | ᠬᠠᠷᠢᠯᠴᠠᠨ ᠠᠭᠤᠯᠵᠠᠪᠠᠯ ᠨᠠᠰᠤ ᠲᠡᠭᠦᠦ ᠪᠤᠶᠤ ᠦᠶ᠎ᠡ ᠳᠤᠤᠷ᠎ᠠ ᠨᠢ ᠡᠪᠦᠲᠦᠭ ᠳᠠᠷᠤᠨ ᠠᠮᠤᠷ ᠠᠰᠠᠭᠤᠳᠠᠭ᠃ | ᠬᠤᠭᠤᠯᠨ ᠪᠤᠳᠠᠭ᠎ᠠ ᠢᠲᠡᠬᠦ ᠦᠶ᠎ᠡ ᠳᠤ ᠤᠷᠢᠳᠠᠪᠠᠷ ᠠᠬᠠᠮᠠᠳ ᠨᠠᠰᠤᠳᠠᠳ ᠲᠠᠭᠠᠨ ᠲᠡᠭᠡᠵᠢ ᠶᠢ ᠠᠶᠠᠭᠠᠯᠠᠨ ᠪᠠᠷᠢᠵᠤ | ᠳᠠᠷᠠᠭ᠎ᠠ ᠨᠢ ᠰᠠᠶ᠋ᠢ ᠬᠡᠦᠬᠡᠳ ᠦᠷ᠎ᠡ ᠠᠴᠢᠷ ᠨᠢ ᠠᠶᠠᠭᠠᠯᠠᠨ ᠠᠪᠳᠠᠭ᠃ | ᠠᠷᠢᠬᠢ ᠳᠠᠷᠠᠰᠤ ᠣᠤᠭᠤᠬᠤ ᠳᠤ ᠤᠷᠢᠳᠠᠪᠠᠷ ᠠᠬᠠᠮᠠᠳ ᠨᠠᠰᠤᠳᠠᠳ ᠲᠠᠭᠠᠨ ᠬᠡᠮᠨᠡᠵᠦ ᠳᠠᠷᠠᠭ᠎ᠠ ᠨᠢ ᠰᠠᠶ᠋ᠢ | ᠬᠤᠪᠢ ᠪᠠᠷ ᠢᠶᠠᠨ ᠲᠦᠭᠦᠷᠭᠡᠨ ᠠᠪᠳᠠᠭ᠃ | ᠠᠷᠢᠬᠢ ᠪᠠᠷᠢᠬᠤ ᠳᠠᠭᠠᠨ ᠬᠤᠨᠳᠠᠭ᠎ᠠ ᠪᠠᠨ ᠪᠠᠷᠠᠭᠤᠨ ᠠᠯᠠᠭᠠᠨ ᠤ ᠳᠤᠮᠳᠠ ᠬᠤᠷᠤᠭᠤᠨ ᠲᠡᠭᠡᠷ᠎ᠡ ᠪᠠᠨ ᠳᠠᠯᠪᠢᠵᠦ | ᠡᠷᠡᠭᠡᠢ ᠬᠤᠷᠤᠭᠤ ᠪᠠᠨ ᠬᠤᠨᠳᠠᠭᠠᠨ ᠢᠷᠮᠡᠭ ᠠᠴᠠ ᠵᠢᠭᠠᠬᠠᠨ ᠳᠣᠤᠭᠤᠷ ᠪᠠᠶᠢᠯᠭᠠᠵᠣ ᠵᠡᠬᠦᠨ ᠠᠯᠠᠭ᠎ᠠ ᠪᠠᠨ ᠪᠠᠷᠠᠭᠤᠨ | ᠠᠯᠠᠭ᠎ᠠ ᠶᠢᠨ ᠳᠣᠤᠭᠤᠷ ᠳᠤᠰᠴᠤ 2 ᠭᠠᠷ ᠢᠶᠠᠨ ᠰᠣᠩᠭᠠᠨ ᠪᠠᠶ᠎ᠠ ᠪᠠᠨ ᠮᠡᠬᠦ᠋ᠢᠨ ᠳᠡᠪᠰᠢᠬᠦᠯᠲᠡᠭ᠃ | ᠪᠠᠷᠠᠭᠤᠨ ᠭᠠᠷ ᠢᠶᠠᠷ ᠬᠦᠢᠴᠡᠳᠭᠡᠲᠡᠭ ᠨᠢ ᠪᠠᠷᠠᠭᠤᠨ ᠭᠠᠷ ᠲᠠᠯ᠎ᠠ ᠶᠢ ᠲᠡᠭᠡᠲᠦ ᠲᠠᠯ᠎ᠠ ᠪᠠᠷ ᠦᠵᠡᠲᠡᠭ ᠠᠴᠠ | ᠪᠣᠯᠣᠭᠰᠠᠨ ᠪᠠᠶᠢᠭ᠎ᠠ᠃ | ᠬᠤᠶᠠᠷ ᠭᠠᠷ ᠢᠶᠠᠷ ᠪᠡᠶ᠎ᠡ ᠮᠡᠬᠦ᠋ᠢᠨ ᠳᠡᠪᠰᠢᠬᠦᠯᠲᠡᠭ ᠨᠢ ᠪᠦᠬᠦ ᠰᠡᠳᠬᠢᠯ ᠢᠶᠠᠷ ᠢᠶᠠᠨ ᠬᠦᠨᠳᠦᠳᠭᠡᠵᠦ ᠪᠠᠶᠢᠭ᠎ᠠ ᠪᠠᠨ | ᠢᠯᠡᠳᠬᠡᠵᠦ ᠪᠠᠶᠢᠳᠠᠭ᠃ | ᠠᠬᠠᠮᠠᠳᠴᠣᠤᠯ ᠬᠡᠦᠬᠡᠳ ᠲᠡᠬᠦᠦ ᠨᠠᠷ ᠲᠠᠭᠠᠨ ᠠᠷᠢᠬᠢ ᠦᠭᠬᠦ ᠶᠢ ᠠᠷᠢᠬᠢ ᠱᠠᠩᠨᠠᠬᠤ ᠬᠡᠬᠦ ᠪᠣᠶᠣ ᠠᠷᠢᠬᠢ | ᠬᠠᠶᠢᠷᠠᠯᠠᠬᠤ ᠬᠡᠵᠦ ᠬᠡᠯᠡᠲᠡᠭ᠃ | ᠬᠤᠨᠳᠠᠭ᠎ᠠ ᠮᠥᠷᠬᠦᠬᠦᠯᠬᠦ ᠳᠤ ᠠᠬᠠᠮᠠᠳᠴᠤᠤᠯ ᠲᠠᠢ ᠵᠢᠭᠠᠬᠠᠨ ᠳᠣᠤᠭᠤᠷ ᠮᠥᠷᠬᠦᠬᠦᠯᠵᠦ ᠬᠤᠷᠠᠭᠴᠣᠤᠨ ᠲᠠᠢ ᠪᠠᠨ | ᠪᠣᠯ ᠰᠠᠴᠠᠭᠤᠯᠠᠨ ᠮᠥᠷᠬᠦᠬᠦᠯᠲᠡᠭ᠃ | ᠠᠷᠢᠬᠢ ᠶᠢ ᠨᠡᠷᠡᠭᠦ ᠪᠤᠶᠤ ᠮᠥᠷᠬᠦᠬᠦᠯᠬᠦ ᠳᠤ ᠪᠦᠷ ᠳᠦᠬᠦᠷᠡᠩ ᠪᠡᠯᠬᠡ ᠶᠢ ᠡᠷᠬᠢᠮᠯᠡᠵᠦ ᠬᠤᠨᠳᠠᠭ᠎ᠠ ᠪᠠᠨ ᠮᠡᠯᠮᠡᠯᠵᠡᠲᠡᠯ᠎ᠡ | ᠲᠦᠬᠦᠷᠭᠡᠲᠡᠭ᠃ | ᠭᠡᠪᠡᠴᠤ ᠠᠰᠬᠠᠵᠦ ᠴᠠᠯᠬᠢᠭᠤᠯᠬᠤ ᠶᠢ ᠴᠡᠭᠡᠷᠯᠡᠲᠡᠭ᠃ | ᠠᠬᠠᠮᠠᠳᠴᠣᠤᠯ ᠳᠤ ᠨᠡᠷᠡᠭᠰᠡᠨ ᠠᠷᠢᠬᠢ ᠪᠠᠨ ︽ᠣᠤᠭᠤᠴᠢᠬ᠎ᠠ︾ ᠬᠡᠵᠦ ᠱᠠᠯᠠᠳᠠᠭ ᠦᠬᠡᠢ ᠬᠠᠷᠢᠨ ︽ᠪᠠᠯᠭᠤᠨ᠎ᠠ ᠤᠤ | ᠂ ᠳᠤᠭᠳᠠᠭᠠᠨ᠎ᠠ ᠤᠤ᠂ ᠠᠮᠰᠠᠨ᠎ᠠ ᠤᠤ︕︾ ᠬᠡᠵᠦ ᠬᠦᠰᠡᠳᠡᠭ ᠶᠣᠮ ᠡ᠃ | ᠠᠬᠠᠮᠠᠳᠴᠣᠤᠯ ᠤᠨ ᠱᠠᠩᠨᠠᠭᠰᠠᠨ ᠠᠷᠢᠬᠢ ᠶᠢ ᠴᠤ ᠭᠡᠰᠡᠨ᠂ ᠮᠥᠷᠬᠦᠬᠦᠯᠥᠭᠰᠡᠨ ᠠᠷᠢᠬᠢ ᠶᠢ ᠴᠦ ᠭᠡᠰᠡᠨ᠂ ᠬᠡᠮᠨᠡᠭᠰᠡᠨ | ᠠᠷᠢᠬᠢ ᠶᠢ ᠴᠤ ᠭᠡᠰᠡᠨ ᠶᠣᠰᠤᠨ ᠳᠠᠭᠠᠨ ᠪᠦᠬᠦᠨ ᠢ ᠪᠠᠯᠭᠤᠳᠠᠭ᠃ |