| ᠨᠢᠭᠡ᠂ ᠶᠠᠰᠣᠨ ᠫᠠᠢ ᠶᠢᠨ ᠢᠷᠡᠯᠳᠡ ᠬᠢᠭᠡᠳ ᠨᠡᠷᠡᠶᠢᠳᠦᠯ᠄ ᠶᠠᠰᠣᠨ ᠫᠠᠢ ᠭᠡᠭᠴᠢ ᠬᠢᠳᠠᠳ ᠤᠨ ᠲᠢᠶᠠᠨ ᠵᠢᠦ | ᠫᠠᠢ ᠠᠴᠠ ᠣᠯᠠᠷᠢᠨ ᠢᠷᠡᠭᠰᠡᠨ ᠮᠣᠩᠭᠤᠯᠵᠢᠭᠤᠨ ᠨᠠᠭᠠᠳᠤᠮ ᠪᠣᠯᠬᠤ ᠶᠤᠮ᠂ ᠲᠠᠷᠣᠢ ᠲᠢᠶᠠᠨ ᠵᠢᠣ ᠬᠡᠮᠡᠬᠦ ᠫᠠᠢ ᠶᠢᠨ | 32 ᠫᠠᠢ ᠠᠴᠠ 24 ᠫᠠᠢ ᠶᠢ ᠨᠢ ᠰᠣᠩᠭᠤᠨ ᠠᠪᠣᠭᠠᠳ ᠰᠢᠨ᠎ᠡ ᠨᠢᠭᠡᠨ ︽ᠮᠣᠩᠭᠤᠯ ᠨᠠᠭᠠᠳᠣᠮ︾ ᠵᠣᠬᠢᠶᠠᠭᠰᠠᠨ | ᠣᠴᠢᠷ ᠪᠣᠯᠬᠤ ᠶᠤᠮ᠃ ᠣᠷᠢᠳᠦ ᠶᠢᠨ ᠴᠠᠭ ᠲᠤ ᠫᠠᠢ ᠶᠢ ᠨᠢ ᠣᠯᠠᠩᠬᠢ ᠳᠠᠭᠠᠨ ᠮᠠᠯ ᠤᠨ ᠶᠠᠰᠣ ᠪᠠᠷ ᠬᠢᠳᠡᠭ | ᠪᠣᠯᠬᠤᠯᠠᠷ ︽ᠶᠠᠰᠣᠨ ᠫᠠᠢ︾ ᠭᠡᠳᠡᠭ ᠶᠤᠮ ᠪᠠᠶᠢᠨ᠎ᠠ᠃ ᠡᠭᠦᠨ ᠳᠤ ᠵᠠᠷᠢᠮ ᠠᠶᠢᠯ ᠤᠨ ᠬᠢᠨᠢ ᠵᠠᠭᠠᠨ ᠤ ᠶᠠᠰᠣ ᠪᠠᠷ | ᠬᠢᠭᠰᠡᠨ ᠫᠠᠢ ᠪᠠᠶᠢᠬᠤ ᠳᠤ ᠵᠠᠷᠢᠮ ᠤᠨ ᠬᠢᠨᠢ ᠪᠣᠰᠣᠳ ᠠᠮᠢᠳᠠᠨ ᠤ ᠶᠠᠰᠣ ᠪᠠᠷ ᠬᠢᠭᠰᠡᠨ ᠫᠠᠢ ᠪᠠᠶᠢᠳᠠᠭ︔ ᠵᠠᠷᠢᠮ ᠤᠨ | ᠬᠢᠨᠢ ᠭᠠᠤᠯᠢ ᠪᠠᠷ ᠬᠢᠭᠰᠡᠨ ᠫᠠᠢ ᠪᠠᠶᠢᠬᠤ ᠳᠤ ᠵᠠᠷᠢᠮ ᠤᠨ ᠬᠢᠨᠢ ᠦᠮᠦ ᠮᠣᠳᠣ ᠪᠣᠶᠣ ᠬᠤᠯᠣᠰᠣ ᠪᠠᠷ ᠬᠢᠭᠰᠡᠨ ᠫᠠᠢ | ᠪᠠᠶᠢᠳᠠᠭ ᠶᠤᠮ᠃ ᠲᠡᠭᠡᠷ᠎ᠡ ᠵᠠᠭᠤᠨ ᠤ ᠶᠡᠷᠡᠭᠡᠳ ᠣᠨ ᠪᠣᠯᠬᠤ ᠳᠤ ᠰᠦᠯᠢᠶᠣᠣ ᠪᠠᠷ ᠬᠢᠬᠦ ᠮᠡᠷᠭᠡᠵᠢᠯ ᠭᠠᠷᠣᠭᠰᠠᠨ ᠠᠴᠠ | ᠡᠨᠡᠬᠦ ᠫᠠᠢ ᠶᠢ ᠰᠦᠯᠢᠶᠣᠣ ᠪᠠᠷ ᠬᠢᠬᠦ ᠪᠣᠯᠵᠠᠢ᠃ ᠶᠠᠰᠣᠨ ᠫᠠᠢ ᠶᠢᠨ ᠨᠡᠷᠡᠶᠢᠳᠦᠯ ᠬᠢᠭᠡᠳ ᠲᠡᠳᠡᠭᠡᠷ ᠤᠨ ᠲᠤᠭ᠎ᠠ᠄ ᠲᠠᠩ | ᠶᠣᠣ᠂ ᠪᠠᠨᠳᠧᠩ᠂ ᠴᠠᠩᠰᠠᠨ᠂ ᠬᠤᠸᠠᠩ᠂ ᠳ᠋ᠠ ᠡᠤ᠂ ᠳ᠋ᠠ ᠲᠢᠶᠠᠨ ᠲᠣᠰ ᠲᠣᠰ 2 ᠫᠠᠢ ᠪᠠᠶᠢᠵᠦ ᠨᠡᠶᠢᠳᠡ 12 ᠫᠠᠢ | ᠪᠠᠶᠢᠳᠠᠭ︔ ᠶᠣᠣ ᠰᠠᠨ᠂ ᠶᠣᠣ ᠡᠤ᠂ ᠶᠣᠣ ᠯᠢᠤ᠂ ᠶᠢᠨ ᠫᠢᠩ᠂ ᠬᠤ᠋ ᠲᠤ ᠡᠤ ᠲᠣᠰ ᠲᠣᠰ 2 ᠫᠠᠢ ᠪᠠᠶᠢᠵᠦ᠂ ᠡᠯ | ᠯᠢᠤ᠂ ᠰᠠᠨ ᠯᠢᠤ ᠲᠣᠰ ᠲᠣᠰ 1 ᠫᠠᠢ ᠪᠠᠶᠢᠵᠦ ᠡᠳᠡᠭᠡᠷ ᠨᠢ ᠨᠡᠶᠢᠯᠡᠭᠡᠳ ᠪᠠᠰᠠ 12 ᠫᠠᠢ ᠪᠠᠶᠢᠳᠠᠭ᠃ ᠪᠦᠭᠦᠳᠡ ᠶᠢ | ᠨᠡᠶᠢᠯᠡᠭᠦᠯᠪᠡᠯ 24 ᠫᠠᠢ ᠪᠣᠯᠳᠠᠭ᠃ ᠡᠳᠡᠭᠡᠷ 24 ᠫᠠᠢ ᠪᠠᠨ ᠪᠠᠰᠠ ᠬᠦᠨᠳᠡᠯᠡᠨ ᠫᠠᠢ ᠪᠠ ᠭᠤᠯᠳᠦ ᠫᠠᠢ ᠭᠡᠵᠦ ᠬᠤᠶᠠᠷ | ᠶᠡᠭᠡ ᠲᠦᠷᠦᠯ ᠳᠤ ᠬᠤᠪᠢᠶᠠᠳᠠᠭ᠂ ᠲᠦᠷᠦᠭᠦᠴᠢ ᠶᠢᠨ 12 ᠫᠠᠢ ᠶᠢ ᠬᠦᠨᠳᠡᠯᠡᠨ ᠫᠠᠢ ᠭᠡᠵᠦ᠂ ᠰᠡᠭᠦᠯᠴᠢ ᠶᠢᠨ 12 | ᠫᠠᠢ ᠶᠢ ᠭᠤᠯᠳᠦ ᠫᠠᠢ ᠭᠡᠳᠡᠭ᠃ ᠡᠳᠡᠭᠡᠷ 24 ᠫᠠᠢ ᠪᠠᠨ ᠨᠦᠬᠡᠨ ᠤ ᠲᠤᠭ᠎ᠠ ᠪᠠᠷ ᠨᠢ ᠴᠢᠨᠠᠭᠰᠢᠳᠠ ᠪᠠᠰᠠ ᠵᠢᠷᠭᠤᠭᠠᠨ | ᠲᠦᠷᠦᠯ ᠬᠤᠪᠢᠶᠠᠳᠠᠭ᠄ 1᠂ ᠶᠣᠣ ᠶᠢᠨ ᠲᠦᠷᠦᠯ ᠤᠨ ᠫᠠᠢ ︵ᠶᠣᠣ ᠭᠡᠳᠡᠭ ᠨᠢ ᠨᠢᠭᠡ ᠭᠡᠰᠡᠨ ᠦᠭᠡ︶᠂ ᠲᠠᠩ ᠶᠣᠣ | ᠂ ᠶᠣᠣ ᠰᠠᠨ᠂ ᠶᠣᠣ ᠡᠣ᠂ ᠶᠣᠣ ᠯᠢᠤ ᠵᠡᠷᠭᠡ 8 ᠫᠠᠢ ᠶᠢ ᠶᠣᠣ ᠶᠢᠨ ᠲᠦᠷᠦᠯ ᠤᠨ ᠫᠠᠢ ᠭᠡᠳᠡᠭ᠃ 2᠂ ᠡᠯᠵᠢᠭᠡᠨ ᠤ | ᠲᠦᠷᠦᠯ ᠤᠨ ᠫᠠᠢ᠂ ᠡᠯ ᠯᠢᠤ᠂ ᠪᠠᠨᠳᠧᠩ ᠤᠨ 3 ᠫᠠᠢ ᠶᠢ ᠡᠯᠵᠢᠭᠡ ᠭᠡᠳᠡᠭ᠃ 3᠂ ᠰᠠᠨ ᠤ ᠲᠦᠷᠦᠯ ᠤᠨ ᠫᠠᠢ᠂ | ᠶᠣᠣ ᠰᠠᠨ ᠤ 2 ᠫᠠᠢ᠂ ᠴᠠᠩ ᠰᠠᠨ ᠤ 2 ᠫᠠᠢ ᠪᠠ ᠰᠠᠨ ᠯᠢᠤ ᠶᠢᠨ 1 ᠫᠠᠢ ᠵᠡᠷᠭᠡ 5 ᠫᠠᠢ ᠶᠢ ᠰᠠᠨ ᠤ ᠲᠦᠷᠦᠯ ᠤᠨ | ᠫᠠᠢ ᠭᠡᠳᠡᠭ᠃ 4᠂ ᠴᠢᠪᠠᠭᠠᠨᠴᠠ ᠶᠢᠨ ᠲᠦᠷᠦᠯ ᠤᠨ ᠫᠠᠢ᠂ ᠬᠤᠸᠠᠩ ᠤᠨ 2 ᠫᠠᠢ᠂ ᠶᠢᠨ ᠫᠢᠩ ᠤᠨ 2 ᠫᠠᠢ ᠵᠡᠷᠭᠡ | 4 ᠫᠠᠢ ᠶᠢ ᠴᠢᠪᠠᠭᠠᠨᠴᠠ ᠭᠡᠳᠡᠭ᠃ 5᠂ ᠡᠤ ᠶᠢᠨ ᠲᠦᠷᠦᠯ ᠤᠨ ᠫᠠᠢ᠂ ᠶᠣᠣ ᠡᠤ ᠶᠢᠨ 2 ᠫᠠᠢ᠂ ᠳ᠋ᠠ ᠡᠤ ᠶᠢᠨ 2 | ᠫᠠᠢ ᠪᠠ ᠬᠤ᠋ ᠲᠤ ᠡᠤ ᠶᠢᠨ 2 ᠫᠠᠢ ᠵᠡᠷᠭᠡ 6 ᠫᠠᠢ ᠶᠢ ᠡᠣ ᠶᠢᠨ ᠲᠦᠷᠦᠯ ᠤᠨ ᠫᠠᠢ ᠭᠡᠳᠡᠭ᠃ 6᠂ ᠯᠢᠤ ᠶᠢᠨ | ᠲᠦᠷᠦᠯ ᠤᠨ ᠫᠠᠢ᠂ ᠶᠣᠣ ᠯᠢᠤ ᠶᠢᠨ 2 ᠫᠠᠢ᠂ ᠶᠢᠨ ᠫᠢᠩ ᠤᠨ 2 ᠫᠠᠢ᠂ ᠬᠤ᠋ ᠲᠤ ᠡᠣ ᠶᠢᠨ 2 ᠫᠠᠢ᠂ ᠳ᠋ᠠ ᠲᠢᠶᠠᠨ ᠤ | 2 ᠫᠠᠢ᠂ ᠡᠯ ᠯᠢᠣ ᠶᠢᠨ 1 ᠫᠠᠢ ᠪᠠ ᠰᠠᠨ ᠯᠢᠤ ᠶᠢᠨ 1 ᠫᠠᠢ ᠵᠡᠷᠭᠡ 10 ᠫᠠᠢ ᠶᠢ ᠯᠢᠤ ᠶᠢᠨ ᠲᠦᠷᠦᠯ ᠤᠨ ᠫᠠᠢ | ᠭᠡᠳᠡᠭ᠃ ᠲᠡᠭᠡᠷᠡᠬᠢ ᠵᠢᠷᠭᠤᠭᠠᠨ ᠲᠦᠷᠦᠯ ᠤᠨ ᠫᠠᠢ ᠠᠴᠠ ᠦᠵᠡᠨ ᠭᠠᠷᠬᠤ ᠨᠢ᠄ ᠬᠦᠨᠳᠡᠯᠡᠨ ᠫᠠᠢ ᠨᠢ ᠲᠣᠰ ᠲᠣᠰ | ᠨᠢᠭᠡ ᠯᠠ ᠲᠦᠷᠦᠯ ᠳᠤ ᠬᠠᠷᠢᠶᠠᠯᠠᠭᠳᠠᠭᠰᠠᠨ ᠪᠠᠶᠢᠬᠤ ᠳᠤ ᠭᠤᠯᠳᠦ ᠫᠠᠢ ᠨᠢ ᠬᠠᠷᠢᠨ ᠲᠣᠰ ᠲᠣᠰ ᠲᠠᠭᠠᠨ ᠬᠤᠶᠠᠷ | ᠲᠦᠷᠦᠯ ᠳᠤ ᠬᠠᠷᠢᠶᠠᠯᠠᠭᠳᠠᠵᠦ ᠪᠠᠶᠢᠳᠠᠭ᠃ ᠢᠩᠬᠢᠬᠦ ᠪᠠᠷ ᠭᠤᠯᠳᠦ ᠫᠠᠢ ᠶᠢ ︽ᠬᠤᠶᠠᠷ ᠦᠵᠦᠭᠦᠷ ᠲᠠᠢ ᠫᠠᠢ︾ | ᠭᠡᠳᠡᠭ᠃ ᠶᠠᠰᠣᠨ ᠫᠠᠢ ᠶᠢᠨ ᠨᠡᠷᠡᠶᠢᠳᠦᠯ ᠢ ᠨᠢ ᠬᠡᠳᠦ᠋ᠢᠪᠡᠷ ᠬᠢᠳᠠᠳ ᠢᠶᠠᠷ ᠬᠡᠯᠡᠳᠡᠭ ᠪᠣᠯᠪᠠᠴᠦ ᠨᠠᠭᠠᠳᠬᠤ ᠠᠷᠭ᠎ᠠ ᠨᠢ | ᠬᠠᠷᠢᠨ ᠦᠰᠦᠳ ᠦᠭᠡᠷ᠎ᠡ ᠪᠠᠶᠢᠳᠠᠭ᠃ | ᠬᠤᠶᠠᠷ᠂ ᠶᠠᠰᠣᠨ ᠫᠠᠢ ᠨᠠᠭᠠᠳᠬᠤ ᠠᠷᠭ᠎ᠠ᠄ ᠣᠩᠨᠢᠭᠤᠳ ᠮᠣᠩᠭᠤᠯᠴᠣᠳ ᠶᠠᠰᠣᠨ ᠫᠠᠢ ᠶᠢ ︽ᠬᠡᠭᠡᠷ᠎ᠡ ᠲᠣᠭᠠᠯᠠᠬᠤ︾ | ᠪᠠ ︽ᠳ᠋ᠢᠩ ᠨᠢᠦ ᠨᠠᠭᠠᠳᠬᠤ︾ ᠭᠡᠵᠦ ᠬᠤᠶᠠᠷ ᠵᠦᠢᠯ ᠤᠨ ᠠᠷᠭ᠎ᠠ ᠪᠠᠷ ᠨᠠᠭᠠᠳᠴᠠᠭᠠᠳᠠᠭ ᠶᠤᠮ᠃ ︵ᠨᠢᠭᠡ︶ | ᠬᠡᠭᠡᠷ᠎ᠡ ᠲᠣᠭᠠᠯᠠᠬᠤ᠄ ︵1︶ ᠣᠷᠣᠯᠴᠠᠬᠤ ᠬᠦᠮᠦᠨ ᠤ ᠲᠤᠭ᠎ᠠ᠄ 3 ᠬᠦᠮᠦᠨ︔ ︵2︶ ᠫᠠᠢ ᠪᠠᠨ ᠬᠦᠮᠦᠷᠢᠨ | ᠰᠠᠶᠢᠳᠣᠷ ᠬᠤᠳᠬᠤᠨ ︽ᠣᠭᠢᠶᠠᠭᠠᠳ︾ ᠬᠦᠮᠦᠨ ᠪᠦᠷᠢ 8 ᠫᠠᠢ ᠠᠪᠣᠨ᠎ᠠ︔ ︵3︶ ᠡᠬᠢᠯᠡᠵᠦ ᠫᠠᠢ ᠲᠠᠯᠪᠢᠬᠤ | ᠬᠦᠮᠦᠨ ᠢ ᠲᠣᠭᠳᠠᠭᠠᠬᠤ᠄ ᠡᠭᠦᠨ ᠳᠤ ᠬᠤᠶᠠᠷ ᠵᠦᠢᠯ ᠤᠨ ᠠᠷᠭ᠎ᠠ ᠪᠠᠶᠢᠳᠠᠭ᠄ ᠨᠢᠭᠡ ᠨᠢ ᠬᠦᠮᠦᠨ ᠪᠦᠷᠢ ᠨᠠᠢᠮᠠᠨ ᠫᠠᠢ | ᠠᠪᠣᠭᠰᠠᠨ ᠤ ᠲᠠᠷᠠᠭ᠎ᠠ ᠬᠡᠨ ᠤ ᠭᠠᠷ ᠲᠤ ᠰᠠᠨ ᠯᠢᠤ ᠣᠷᠣᠭᠰᠠᠨ ᠪᠣᠯ ᠲᠡᠷᠡ ᠬᠦᠮᠦᠨ ᠨᠢ ᠡᠬᠢᠯᠡᠵᠦ ᠫᠠᠢ ᠲᠠᠯᠪᠢᠨ᠎ᠠ᠃ | ᠬᠠᠮᠤᠭ ᠲᠦᠷᠦᠭᠦᠨ ᠤ ᠬᠦᠮᠦᠨ ᠡᠬᠢᠯᠡᠵᠦ ᠲᠠᠯᠪᠢᠭᠰᠠᠨ ᠤ ᠲᠠᠷᠠᠭ᠎ᠠ ᠲᠠᠷᠠᠭᠠᠴᠢ ᠶᠢᠨ ᠡᠭᠡᠯᠵᠢ ᠳᠤ ᠭᠠᠷ ᠲᠠᠷᠠᠭᠠᠯᠠᠨ | ᠡᠭᠡᠯᠵᠢᠯᠡᠨ ᠡᠬᠢᠯᠡᠵᠦ ᠲᠠᠯᠪᠢᠳᠠᠭ᠃ ᠨᠦᠭᠦᠭᠡ ᠨᠢ ᠱᠤ᠋ ᠬᠠᠶᠠᠵᠦ ᠡᠬᠢᠯᠡᠵᠦ ᠲᠠᠯᠪᠢᠬᠤ ᠶᠢ ᠲᠣᠭᠳᠠᠭᠠᠬᠤ᠃ ᠡᠬᠢᠨ ᠤ | ᠠᠳᠬᠤ ᠳᠤ ᠮᠦᠨ ᠰᠠᠨ ᠯᠢᠤ ᠠᠪᠣᠭᠰᠠᠨ ᠬᠦᠮᠦᠨ ᠡᠬᠢᠯᠡᠵᠦ ᠭᠠᠷᠭᠠᠭᠠᠳ ᠲᠠᠷᠠᠭ᠎ᠠ ᠣᠳᠠᠭ᠎ᠠ ᠨᠢ ᠨᠢᠭᠡᠳᠦᠭᠡᠷ | ᠣᠳᠠᠭ᠎ᠠ ᠳᠤ ᠲᠡᠶᠢᠯᠦᠭᠰᠡᠨ ᠬᠦᠮᠦᠨ ᠤ ᠭᠠᠷ ᠤᠨ ᠲᠠᠷᠠᠭᠠᠬᠢ ᠬᠦᠮᠦᠨ ᠱᠤ᠋ ᠬᠠᠶᠠᠵᠦ ᠡᠬᠢᠯᠡᠵᠦ ᠫᠠᠢ ᠭᠠᠷᠭᠠᠬᠤ ᠪᠠᠨ | ᠲᠣᠭᠳᠠᠭᠠᠨ᠎ᠠ᠂ ᠲᠡᠭᠡᠬᠦ ᠳᠤ ᠭᠤᠷᠪᠠᠨ ᠬᠦᠮᠦᠨ ᠲᠣᠰ ᠲᠣᠰ ᠨᠠᠢᠮᠠᠨ ᠫᠠᠢ ᠪᠠᠨ ᠬᠤᠪᠢᠶᠠᠨ ᠠᠪᠣᠭᠠᠳ ᠰᠡᠬᠦᠨ ᠦᠵᠡᠬᠦ | ᠦᠭᠡᠢ ᠪᠠᠷ ᠡᠮᠦᠨ᠎ᠡ ᠪᠠᠨ ᠬᠦᠮᠦᠷᠢᠨ ᠲᠠᠯᠪᠢᠠ᠂ ᠬᠡᠷᠪᠡ ᠱᠤ᠋ ᠬᠠᠶᠠᠭᠰᠠᠨ ᠬᠦᠮᠦᠨ 1 ᠪᠣᠶᠣ 4 ᠲᠣᠰᠬᠠᠭᠰᠠᠨ ᠪᠣᠯ | ᠡᠮᠦᠨᠡᠬᠢ ᠫᠠᠢ ᠪᠠᠨ ᠦᠪᠡᠷ ᠦᠪᠡᠷ ᠢᠶᠠᠨ ᠠᠪᠴᠦ ᠱᠦ ᠬᠠᠶᠠᠭᠰᠠᠨ ᠬᠦᠮᠦᠨ ᠡᠬᠢᠯᠡᠵᠦ ᠫᠠᠢ ᠲᠠᠯᠪᠢᠨ᠎ᠠ᠃ ᠬᠡᠷᠪᠡ 2 | ᠪᠣᠶᠣ 5 ᠶᠢᠨ ᠲᠤᠭ᠎ᠠ ᠲᠣᠰᠣᠭᠰᠠᠨ ᠪᠣᠯ ᠫᠠᠢ ᠪᠠᠨ ᠨᠠᠷᠠ ᠡᠰᠡᠷᠭᠦ ᠡᠷᠭᠢᠭᠦᠯᠵᠦ ᠭᠠᠷ ᠤᠨ ᠲᠠᠷᠠᠭᠠᠬᠢ ᠬᠦᠮᠦᠨ ᠨᠢ | ᠡᠬᠢᠯᠡᠵᠦ ᠫᠠᠢ ᠲᠠᠯᠪᠢᠨ᠎ᠠ᠃ ᠬᠡᠷᠪᠡ 3 ᠪᠣᠶᠣ 6 ᠲᠣᠰᠣᠭᠰᠠᠨ ᠪᠣᠯ ᠨᠠᠷᠠ ᠵᠦᠪ ᠡᠷᠭᠢᠭᠦᠯᠵᠦ ᠭᠠᠷ ᠤᠨ ᠲᠡᠭᠡᠷᠡᠬᠢ | ᠬᠦᠮᠦᠨ ᠡᠬᠢᠯᠡᠵᠦ ᠫᠠᠢ ᠲᠠᠯᠪᠢᠳᠠᠭ᠃ ᠲᠠᠷᠠᠭ᠎ᠠ ᠪᠠᠷ ᠬᠡᠨ ᠨᠢ ᠲᠡᠶᠢᠯᠦᠭᠰᠡᠨ ᠪᠣᠯ ᠬᠡᠨ ᠨᠢ ᠱᠤ᠋ ᠬᠠᠶᠠᠵᠦ ᠲᠡᠭᠡᠷᠡᠬᠢ | ᠮᠡᠳᠦ ᠪᠠᠷ ᠡᠬᠢᠯᠡᠵᠦ ᠫᠠᠢ ᠲᠠᠯᠪᠢᠬᠤ ᠶᠢ ᠲᠣᠭᠳᠠᠭᠠᠳᠠᠭ᠃ | ᠨᠠᠭᠠᠳᠬᠤ ᠠᠷᠭ᠎ᠠ᠄ ᠬᠡᠭᠡᠷ᠎ᠡ ᠲᠣᠭᠠᠯᠠᠬᠤ ᠳᠤ ᠨᠠᠭᠠᠳᠬᠤ ᠡᠳᠡᠭᠡᠳ ᠨᠢ ᠶᠠᠰᠣᠨ ᠫᠠᠢ ᠶᠢᠨ ᠢᠶᠠᠨ ᠨᠦᠬᠡ ᠶᠢ | ᠲᠠᠭᠠᠷᠠᠭᠤᠯᠣᠨ ᠲᠠᠯᠪᠢᠳᠠᠭ᠂ ᠵᠢᠱᠢᠶᠠᠯᠠᠪᠠᠯ ᠲᠡᠭᠡᠷ᠎ᠡ ᠲᠠᠯ᠎ᠠ ᠶᠢᠨ ᠬᠦᠮᠦᠨ ᠤ ᠲᠠᠯᠪᠢᠭᠰᠠᠨ ᠫᠠᠢ ᠶᠢᠨ ᠵᠢᠷᠭᠤᠭᠠᠨ | ᠨᠦᠬᠡ ᠲᠠᠢ ᠯᠢᠤ ᠲᠠᠢ ᠲᠠᠯ᠎ᠠ ᠳᠤᠨᠢ ᠲᠠᠷᠠᠭᠠᠴᠢ ᠶᠢᠨ ᠬᠦᠮᠦᠨ ᠨᠢ ᠵᠢᠷᠭᠤᠭᠠᠨ ᠨᠦᠬᠡ ᠲᠠᠢ ᠫᠠᠢ ᠶᠢᠨ ᠯᠢᠣ ᠶᠢ | ᠲᠠᠭᠠᠷᠠᠭᠤᠯᠵᠦ ᠲᠠᠯᠪᠢᠳᠠᠭ᠃ ᠡᠬᠢᠯᠡᠨ ᠨᠠᠭᠠᠳᠣᠭᠠᠳ ᠠᠯᠢ ᠨᠢᠭᠡ ᠨᠢ ᠫᠠᠢ ᠪᠠᠨ ᠪᠦᠬᠦᠨ ᠢ ᠲᠠᠯᠪᠢᠵᠦ ᠪᠠᠷᠠᠭᠰᠠᠨ ᠪᠣᠯ | ︽ᠵᠢᠩ︾ ᠭᠡᠵᠦ᠂ ᠨᠦᠭᠦᠭᠡ ᠬᠤᠶᠠᠷ ᠨᠢ ᠲᠠᠯᠪᠢᠵᠦ ᠪᠠᠷᠠᠭᠰᠠᠨ ᠦᠭᠡᠢ ᠪᠣᠯ ᠲᠡᠶᠢᠯᠦᠭᠳᠡᠭᠰᠡᠨ ᠢᠶᠠᠷ ᠪᠣᠳᠣᠵᠦ ︽ | ᠵᠢᠩ︾ ᠪᠣᠯᠣᠭᠰᠠᠨ ᠬᠦᠮᠦᠨ ᠳᠤ ᠱᠦᠭᠦᠭᠳᠡᠭᠰᠡᠨ ᠪᠠᠷᠢᠮᠵᠢᠶ᠎ᠠ ᠪᠠᠷ ︽ᠦᠬᠡᠷ︾᠂ ︽ᠬᠤᠨᠢ︾ ᠪᠣᠳᠣᠵᠦ ᠦᠭᠳᠡᠭ︔ | ᠬᠡᠷᠪᠡ ᠬᠤᠶᠠᠳᠠᠭᠴᠢ ᠬᠦᠮᠦᠨ ᠨᠢ ᠪᠠᠰᠠ ᠫᠠᠢ ᠪᠠᠨ ᠲᠠᠯᠪᠢᠵᠦ ᠪᠠᠷᠠᠭᠰᠠᠨ ᠪᠣᠯ ︽ᠪᠠᠩ︾ ᠭᠡᠵᠦ᠂ ᠭᠤᠷᠪᠠᠳᠣᠭᠠᠷ | ᠬᠦᠮᠦᠨ ᠨᠢ ᠲᠠᠯᠪᠢᠵᠦ ᠪᠠᠷᠠᠭᠰᠠᠨ ᠦᠭᠡᠢ ᠪᠣᠯ ᠱᠦᠭᠦᠭᠳᠡᠭᠰᠡᠨ ᠢᠶᠠᠷ ᠪᠣᠳᠣᠵᠦ ᠨᠦᠭᠦᠭᠡ ᠬᠤᠶᠠᠷ ᠲᠠᠭᠠᠨ ᠮᠦᠨ | ᠨᠠᠭᠠᠳᠣᠮ ᠤᠨ ᠪᠣᠳᠣᠬᠤ ᠪᠠᠷᠢᠮᠵᠢᠶ᠎ᠠ ᠪᠠᠷ ︽ᠦᠬᠡᠷ︾᠂ ︽ᠬᠤᠨᠢ︾ ᠪᠣᠳᠣᠵᠦ ᠦᠭᠳᠡᠭ᠃ ᠬᠡᠷᠪᠡ | ᠭᠤᠷᠪᠠᠭᠤᠯᠠ ᠪᠠᠨ ︽ᠵᠢᠩ︾ ᠪᠣᠯᠣᠭᠰᠠᠨ ᠪᠣᠯ ᠬᠡᠨ ᠨᠢ ᠴᠦ ᠪᠣᠳᠣᠬᠤ ᠦᠭᠡᠢ ᠪᠠᠷ ᠲᠠᠬᠢᠵᠦ ᠨᠠᠭᠠᠳᠳᠠᠭ᠃ ᠬᠡᠷᠪᠡ | ᠭᠤᠷᠪᠠᠭᠤᠯᠠ ᠪᠠᠨ ︽ᠵᠢᠩ︾ ᠪᠣᠯᠣᠭᠰᠠᠨ ᠦᠭᠡᠢ ᠪᠣᠯ ᠲᠠᠷᠣᠢ ᠭᠠᠷᠭᠠᠵᠦ ᠲᠡᠶᠢᠯᠦᠭᠰᠡᠨ ᠦᠭᠡᠢ ᠦᠯᠡᠳᠡᠭᠰᠡᠨ | ᠫᠠᠢ ᠶᠢᠨ ᠨᠦᠬᠡ ᠶᠢ ᠲᠣᠭᠠᠯᠠᠵᠦ ᠬᠡᠨ ᠤ ᠬᠢᠨᠢ ᠦᠯᠡᠳᠡᠭᠰᠡᠨ ᠫᠠᠢ ᠶᠢᠨ ᠨᠦᠬᠡ ᠶᠢᠨ ᠲᠤᠭ᠎ᠠ ᠶᠢᠨ ᠨᠡᠶᠢᠯᠡᠪᠣᠷᠢ ᠨᠢ | ᠪᠠᠭ᠎ᠠ ᠪᠣᠯ ᠲᠡᠷᠡ ᠨᠢ ᠲᠠᠷᠣᠢ ᠲᠡᠶᠢᠯᠦᠭᠰᠡᠨ ᠢᠶᠠᠷ ᠪᠣᠳᠣᠵᠦ ᠪᠣᠰᠣᠳ ᠬᠤᠶᠠᠷ ᠨᠢ ᠱᠦᠭᠦᠭᠳᠡᠭᠰᠡᠨ ᠢᠶᠠᠷ ᠪᠣᠳᠣᠳᠠᠭ᠃ | ︵ᠬᠤᠶᠠᠷ︶ ᠬᠡᠭᠡᠷ᠎ᠡ ᠲᠣᠭᠠᠯᠠᠬᠤ ᠶᠢᠨ ᠣᠷ᠎ᠠ ᠮᠡᠷᠭᠡᠵᠢᠯ᠄ ︵1︶ ᠬᠠᠰᠢᠬᠤ᠄ ᠭᠠᠷ ᠤᠨ ᠲᠠᠷᠠᠭᠠᠬᠢ ᠬᠦᠮᠦᠨ ᠤ | ᠭᠠᠷᠭᠠᠬᠤ ᠭᠡᠵᠦ ᠪᠠᠶᠢᠭ᠎ᠠ ᠫᠠᠢ ᠶᠢ ᠬᠢᠵᠠᠭᠠᠷᠯᠠᠬᠤ ᠪᠣᠶᠣ ᠪᠣᠯᠠᠶᠢᠯᠠᠬᠤ ᠶᠢ ᠬᠡᠯᠡᠵᠦ ᠪᠣᠢ᠃ ᠡᠭᠦᠨ ᠢ ᠪᠠᠰᠠ ︽ | ᠬᠤᠣᠷ᠎ᠠ ᠲᠠᠢ ᠫᠠᠢ ᠲᠠᠯᠪᠢᠵᠦ ᠪᠠᠶᠢᠨ᠎ᠠ︾ ᠭᠡᠳᠡᠭ ᠶᠤᠮ᠃ ᠵᠢᠱᠢᠶᠡᠯᠡᠪᠡᠯ᠂ ᠭᠠᠷ ᠤᠨ ᠲᠠᠷᠠᠭᠠᠬᠢ ᠬᠦᠮᠦᠨ ︵ᠴᠢᠨᠣ | ᠲᠠᠷᠠᠭ᠎ᠠ ᠫᠠᠢ ᠲᠠᠯᠪᠢᠬᠤ ᠬᠦᠮᠦᠨ︶ ᠴᠢᠨᠢ ᠶᠣᠣ ᠲᠣᠭᠠᠯᠠᠵᠦ ᠪᠠᠶᠢᠪᠠᠯ ᠴᠢ ᠶᠣᠣ ᠶᠢ ᠨᠢ ᠲᠠᠯᠪᠢᠯᠭᠤᠯᠬᠤ ᠦᠭᠡᠢ ᠬᠡᠮᠡᠨ | ᠵᠣᠷᠢᠭᠤᠳᠠ ᠵᠢᠷᠭᠤᠭ᠎ᠠ ᠲᠠᠯᠪᠢᠵᠦ ᠬᠠᠷᠰᠢᠯᠠᠬᠤ ᠶᠢ ᠬᠡᠯᠡᠳᠡᠭ᠃ ᠵᠠᠷᠢᠮ ᠦᠶᠡᠰ ᠲᠤ ᠦᠪᠡᠷ ᠤᠨ ᠪᠦᠳᠦᠭᠡᠬᠦ ᠭᠡᠵᠦ | ᠪᠠᠶᠢᠭ᠎ᠠ ᠫᠠᠢ ᠪᠠᠨ ᠡᠪᠳᠡᠵᠦ ᠪᠠᠶᠢᠭᠠᠳ ᠴᠦ ᠭᠡᠰᠡᠨ ᠪᠣᠰᠣᠳ ᠤᠨ ᠫᠠᠢ ᠶᠢ ᠬᠠᠰᠢᠳᠠᠭ ᠶᠤᠮ᠂ ᠣᠴᠢᠷ ᠨᠢ ᠲᠠᠷᠠᠭᠠᠬᠢ | ᠬᠦᠮᠦᠨ ᠤ ᠲᠣᠭᠠᠯᠠᠵᠦ ᠪᠠᠶᠢᠭ᠎ᠠ ᠬᠡᠭᠡᠷ᠎ᠡ ᠶᠢ ᠬᠠᠰᠢᠬᠤ ᠦᠭᠡᠢ ᠪᠠᠷ ᠢᠯᠭᠤᠮ ᠪᠦᠳᠦᠭᠡᠪᠡᠯ ᠬᠠᠷᠢᠨ ᠲᠦᠯᠦᠭᠡᠰᠦᠨ ᠳᠤ | ᠣᠷᠣᠳᠠᠭ ᠶᠤᠮ᠃ ᠲᠠᠬᠢᠭᠠᠳ ᠬᠡᠯᠡᠪᠡᠯ ᠦᠪᠡᠷ ᠤᠨ ᠫᠠᠢ ᠪᠠᠨ ᠡᠪᠳᠡᠵᠦ ᠪᠠᠶᠢᠭᠠᠳ ᠲᠠᠷᠠᠭᠠᠬᠢ ᠬᠦᠮᠦᠨ ᠤ ᠬᠡᠭᠡᠷ᠎ᠡ ᠶᠢ | ᠪᠦᠳᠦᠭᠡᠬᠦ ᠦᠭᠡᠢ ᠪᠣᠯ ᠱᠦᠭᠦᠭᠳᠡᠭᠰᠡᠨ ᠴᠦ ᠲᠡᠳᠦᠢ ᠶᠡᠭᠡ ᠱᠦᠭᠦᠭᠳᠡᠬᠦ ᠦᠭᠡᠢ ᠶᠤᠮ᠃ ᠫᠠᠢ ᠬᠠᠰᠢᠬᠤ ᠳᠤ ᠬᠡᠭᠡᠷ᠎ᠡ | ᠲᠣᠭᠠᠯᠠᠵᠦ ᠪᠠᠶᠢᠭ᠎ᠠ ᠬᠦᠮᠦᠨ ᠢ ᠨᠦᠭᠦᠭᠡ ᠬᠤᠶᠠᠷ ᠨᠢ ᠬᠠᠮᠵᠢᠨ ᠬᠠᠰᠢᠬᠤ ᠣᠴᠢᠷ ᠴᠦ ᠭᠠᠷᠳᠠᠭ᠂ ᠣᠴᠢᠷ ᠨᠢ ᠫᠠᠢ | ᠬᠠᠰᠢᠵᠦ ᠪᠠᠶᠢᠭ᠎ᠠ ᠬᠦᠮᠦᠨ ᠤ ᠭᠠᠷ ᠤᠨ ᠲᠡᠭᠡᠷ᠎ᠡ ᠪᠠᠶᠢᠭ᠎ᠠ ᠡᠳᠡᠭᠡᠳ ᠫᠠᠢ ᠬᠠᠰᠢᠬᠤ ᠵᠦᠭ ᠲᠤᠨᠢ ᠲᠠᠯᠪᠢᠵᠦ ᠦᠭᠬᠦ | ᠦᠭᠡᠢ ᠪᠣᠯ ᠬᠡᠭᠡᠷ᠎ᠡ ᠲᠣᠭᠠᠯᠠᠵᠦ ᠪᠠᠶᠢᠭ᠎ᠠ ᠬᠦᠮᠦᠨ ᠪᠦᠳᠦᠭᠡᠴᠢᠬᠡᠪᠠᠯ ᠭᠠᠷ ᠤᠨ ᠲᠡᠭᠡᠷᠡᠬᠢ ᠬᠦᠮᠦᠨ ᠨᠢ ᠲᠡᠶᠢᠯᠳᠡᠭ | ᠶᠤᠮ᠃ | ᠶᠡᠷᠦᠳᠡ ᠶᠢᠨ ᠫᠠᠢ ᠬᠠᠰᠢᠬᠤ ᠠᠷᠭ᠎ᠠ ᠭᠡᠪᠡᠯ᠄ ᠡᠤ ᠪᠠᠷ ᠰᠠᠨ ᠢ ᠬᠠᠰᠢᠬᠤ ᠪᠣᠶᠣ ᠰᠠᠨ ᠢᠶᠠᠷ ᠡᠤ ᠶᠢ ᠬᠠᠰᠢᠬᠤ᠃ ︽ | ᠡᠣ᠂ ᠰᠠᠨ ᠦᠬᠦᠯ ᠤᠨ ᠬᠠᠷᠰᠢ︾ ᠭᠡᠳᠡᠭ᠂ ᠡᠶᠢᠮᠤ ᠠᠴᠠ ᠭᠠᠷ ᠤᠨ ᠲᠠᠷᠠᠭᠠᠬᠢ ᠬᠦᠮᠦᠨ ᠴᠢᠨᠢ ᠡᠤ ᠲᠣᠭᠠᠯᠠᠵᠦ | ᠪᠠᠶᠢᠪᠠᠯ ᠴᠢ ᠲᠠᠷᠣᠢ ᠵᠤᠷᠢᠭᠤᠳᠠ ᠰᠠᠨ ᠲᠠᠯᠪᠢᠵᠦ ᠬᠠᠰᠢᠨ ᠲᠠᠷᠠᠭᠠᠬᠢ ᠬᠦᠮᠦᠨ ᠤ ᠡᠤ ᠲᠣᠭᠠᠯᠠᠬᠤ ᠶᠢ | ᠬᠠᠷᠰᠢᠯᠠᠬᠤ ᠪᠠᠷ ᠴᠢᠷᠮᠠᠶᠢᠳᠠᠭ︔ ᠠᠳᠠᠯᠢ ᠪᠠᠷ ᠲᠠᠷᠠᠭᠠᠬᠢ ᠬᠦᠮᠦᠨ ᠴᠢᠨᠢ ᠰᠠᠨ ᠲᠣᠭᠠᠯᠠᠵᠦ ᠪᠠᠶᠢᠪᠠᠯ ᠴᠢ ᠲᠠᠷᠣᠢ | ᠵᠤᠷᠢᠭᠤᠳᠠ ᠡᠤ ᠭᠠᠷᠭᠠᠨ ᠬᠠᠷᠰᠢᠯᠠᠳᠠᠭ᠃ ᠶᠣᠣ ᠪᠠᠷ ᠯᠢᠦ ᠶᠢ ᠬᠠᠰᠢᠬᠤ ᠪᠣᠶᠣ ᠯᠢᠦ ᠪᠠᠷ ᠶᠣᠣ ᠶᠢ ᠬᠠᠰᠢᠬᠤ᠃ | ᠭᠠᠷ ᠤᠨ ᠲᠠᠷᠠᠭᠠᠬᠢ ᠬᠦᠮᠦᠨ ᠯᠢᠦ ᠲᠣᠭᠠᠯᠠᠵᠦ ᠪᠠᠶᠢᠬᠤ᠂ ᠡᠰᠡᠪᠡᠯ ᠴᠢᠪᠠᠭᠠᠨᠴᠠ ᠲᠣᠭᠠᠯᠠᠵᠦ ᠪᠠᠶᠢᠬᠤ ︵ | ᠴᠢᠪᠠᠭᠠᠨᠴᠠ ᠨᠢ ᠯᠢᠦ ᠣᠯᠠᠨ ᠲᠠᠢ︶ ᠡᠰᠡᠪᠡᠯ ᠡᠯᠵᠢᠭᠡ ᠲᠣᠭᠠᠯᠠᠵᠦ ᠪᠠᠶᠢᠪᠠᠯ ︵ᠡᠯᠵᠢᠭᠡ ᠶᠢᠨ ᠨᠢᠭᠡ ᠦᠵᠦᠭᠦᠷ ᠨᠢ | ᠯᠢᠣ︶ ᠵᠤᠷᠢᠭᠤᠳᠠ ᠶᠣᠣ ᠲᠠᠯᠪᠢᠵᠦ ᠬᠠᠰᠢᠬᠤ ᠶᠢ ᠬᠡᠯᠡᠵᠦ ᠪᠣᠢ︔ ᠠᠳᠠᠯᠢᠬᠠᠨ ᠢᠶᠠᠷ ᠭᠠᠷ ᠤᠨ ᠲᠣᠣᠷᠠᠬᠢ ᠬᠦᠮᠦᠨ | ᠴᠢᠨᠢ ᠶᠣᠣ ᠲᠣᠭᠠᠯᠠᠵᠦ ᠪᠠᠶᠢᠪᠠᠯ ᠴᠢ ᠵᠣᠷᠢᠭᠤᠳᠠ ᠯᠢᠦ ᠣᠯᠠᠨ ᠲᠠᠢ ᠫᠠᠢ ᠶᠢ ᠲᠠᠯᠪᠢᠵᠦ ᠬᠠᠰᠢᠬᠤ ᠣᠴᠢᠷ ᠪᠣᠯᠬᠤ | ᠶᠤᠮ᠃ ᠬᠠᠰᠢᠬᠤ ᠶᠢᠨ ᠵᠣᠷᠢᠯᠭ᠎ᠠ ᠨᠢ ᠦᠪᠡᠷ ᠤᠨ ᠪᠡᠶ᠎ᠡ ᠳᠤ ᠴᠢᠨᠢ ᠶᠠᠮᠠᠷ ᠨᠢᠭᠡ ᠲᠦᠷᠦᠯ ᠤᠨ ᠫᠠᠢ ᠦᠭᠡᠢ᠂ ᠦᠭᠡᠷ᠎ᠡ | ᠬᠦᠮᠦᠨ ᠢ ᠪᠠᠰᠠ ᠭᠠᠷᠭᠠᠯᠭᠠᠬᠤ ᠦᠭᠡᠢ ᠭᠡᠵᠦ ᠣᠷᠣᠯᠳᠣᠳᠠᠭ᠃ ᠪᠦᠵᠢᠶᠠᠨ ᠢᠳᠡᠬᠦ ᠳᠤ ᠪᠠᠰᠠ ᠬᠠᠰᠢᠬᠤ ᠶᠢ | ᠠᠰᠢᠭᠯᠠᠳᠠᠭ ᠶᠤᠮ᠃ ᠬᠡᠷᠪᠡ ᠴᠢᠮ᠎ᠠ ᠳᠤ ᠬᠠᠰᠢᠬᠤ ᠫᠠᠢ ᠦᠭᠡᠢ ᠪᠣᠶᠣ ᠪᠣᠰᠣᠳ ᠢ ᠬᠠᠰᠢᠬᠤ ᠰᠠᠨᠠᠭ᠎ᠠ ᠦᠭᠡᠢ᠂ | ᠪᠠᠰᠠ ᠲᠠᠷᠠᠭᠠᠬᠢ ᠬᠤᠶᠠᠷ ᠬᠦᠮᠦᠨ ᠢᠶᠠᠨ ᠫᠠᠢ ᠲᠠᠷᠣᠭᠤᠯᠬᠤ ᠰᠠᠨᠠᠭ᠎ᠠ ᠴᠦ ᠦᠭᠡᠢ ᠪᠣᠯ ︽ᠬᠡᠭᠡᠷ᠎ᠡ ᠶᠢᠨ ᠭᠠᠯᠠᠭᠤ | ᠬᠡᠨ ᠳᠤ ᠴᠦ ᠬᠠᠷᠰᠢ ᠦᠭᠡᠢ︾ ᠭᠡᠵᠦ ᠬᠡᠯᠡᠭᠡᠳ ᠬᠤᠤᠷ᠂ ᠢᠷᠦ ᠠ ᠦᠭᠡᠢ ᠫᠠᠢ ᠲᠠᠯᠪᠢᠳᠠᠭ᠃ ︵2︶ ᠲᠠᠰᠣᠯᠬᠤ | ᠄ ᠨᠠᠭᠠᠳᠬᠤ ᠲᠣᠮᠳᠠ ᠦᠪᠡᠷ ᠤᠨ ᠭᠠᠷ ᠲᠤ ᠪᠠᠶᠢᠭ᠎ᠠ ᠫᠠᠢ ᠶᠢᠨ ᠪᠠᠶᠢᠳᠠᠯ ᠢᠶᠠᠨ ᠦᠵᠡᠵᠦ ᠪᠠᠶᠢᠭᠠᠳ ᠬᠡᠨ ᠨᠢ ᠴᠦ ᠫᠠᠢ | ᠭᠠᠷᠭᠠᠵᠦ ᠴᠢᠳᠠᠬᠤ ᠦᠭᠡᠢ ᠬᠡᠮᠵᠢᠶᠡᠨ ᠳᠤ ᠬᠦᠷᠭᠡᠬᠦ ᠶᠢ ︽ᠲᠠᠰᠣᠯᠬᠤ︾ ᠭᠡᠳᠡᠭ᠃ ᠫᠠᠢ ᠶᠢ ᠲᠠᠰᠣᠯᠬᠤ ᠳᠤ | ᠨᠢᠭᠡ ᠳᠤ ᠭᠠᠷ ᠲᠤ ᠦᠯᠡᠳᠡᠬᠦ ᠫᠠᠢ ᠶᠢᠨ ᠴᠢᠨᠢ ᠨᠦᠬᠡ ᠶᠢᠨ ᠲᠣᠭᠠᠨ ᠤ ᠨᠡᠶᠢᠯᠡᠪᠦᠷᠢ ᠨᠢ ᠨᠦᠭᠦᠭᠡ ᠬᠤᠶᠠᠷ ᠬᠦᠮᠦᠨ ᠤ | ᠭᠠᠷ ᠲᠤ ᠦᠯᠡᠳᠡᠬᠦ ᠫᠠᠢ ᠶᠢᠨ ᠨᠦᠬᠡ ᠶᠢᠨ ᠲᠣᠭᠠᠨ ᠤ ᠨᠡᠶᠢᠯᠡᠪᠦᠷᠢ ᠠᠴᠠ ᠪᠠᠭ᠎ᠠ ᠪᠠᠶᠢᠬᠤ ᠶᠢ ᠪᠠᠳᠣᠯᠠᠭ᠎ᠠ ᠲᠠᠢ | ᠵᠢᠱᠢᠵᠦ ᠲᠣᠭᠳᠠᠭᠠᠬᠤ ᠬᠡᠷᠡᠭᠳᠡᠢ᠂ ᠬᠡᠷᠪᠡ ᠪᠣᠰᠣᠳ ᠤᠨ ᠫᠠᠢ ᠶᠢᠨ ᠨᠦᠬᠡ ᠶᠢᠨ ᠲᠣᠭᠠᠨ ᠤ ᠨᠡᠶᠢᠯᠡᠪᠦᠷᠢ ᠠᠴᠠ ᠪᠠᠭ᠎ᠠ | ᠪᠣᠯᠪᠠᠯ ᠱᠦᠭᠦᠭᠳᠡᠭᠰᠡᠨ ᠢᠶᠠᠷ ᠪᠣᠳᠣᠵᠦ ᠨᠦᠭᠦᠭᠡ ᠬᠤᠶᠠᠷ ᠲᠠᠭᠠᠨ ᠶᠠᠭᠤ ᠪᠠᠷ ᠣᠯᠬᠤ ᠭᠡᠵᠦ ᠲᠠᠰᠣᠯᠣᠭᠰᠠᠨ ᠪᠣᠯ | ᠲᠡᠷᠡ ᠶᠣᠰᠣᠭᠠᠷ ᠲᠦᠯᠦᠪᠦᠷᠢ ᠦᠭᠳᠡᠭ᠃ ᠬᠤᠶᠠᠷ ᠲᠤ᠂ ᠭᠠᠷ ᠲᠤ ᠪᠠᠶᠢᠭ᠎ᠠ ᠫᠠᠢ ᠴᠢᠨᠢ ︽ᠵᠢᠩ︾ ᠪᠣᠯᠬᠤ | ᠪᠣᠯᠣᠯᠴᠠᠭ᠎ᠠ ᠦᠭᠡᠢ ᠦᠶᠡᠰ ᠲᠤ ᠫᠠᠢ ᠶᠢ ᠲᠠᠰᠣᠯᠵᠦ ᠪᠣᠯᠣᠨ᠎ᠠ᠃ | ᠡᠯᠵᠢᠭᠡ ᠪᠠᠷ ᠲᠠᠰᠣᠯᠬᠤ᠄ ᠲᠠᠯᠪᠢᠵᠦ ᠪᠠᠶᠢᠭ᠎ᠠ ᠫᠠᠢ ᠶᠢᠨ ᠨᠢᠭᠡ ᠦᠵᠦᠭᠦᠷ ᠨᠢ ᠰᠠᠨ ᠲᠠᠯᠪᠢᠵᠦ ᠮᠣᠬᠤᠷᠳᠠᠭᠰᠠᠨ ᠪᠣᠯ | ᠭᠠᠷ ᠲᠤ ᠪᠠᠶᠢᠭ᠎ᠠ ᠫᠠᠢ ᠶᠢᠨ ᠴᠢᠨᠢ ᠨᠦᠬᠡ ᠶᠢᠨ ᠲᠤᠭ᠎ᠠ ᠨᠢ ᠪᠠᠭ᠎ᠠ ᠪᠠᠶᠢᠵᠦ ᠪᠣᠰᠣᠳ ᠢ ᠲᠡᠶᠢᠯᠵᠦ ᠪᠣᠯᠬᠤ | ᠪᠣᠯᠣᠯᠴᠠᠭ᠎ᠠ ᠲᠠᠢ ᠪᠣᠯ ᠨᠦᠭᠦᠭᠡ ᠦᠵᠦᠭᠦᠷ ᠲᠤᠨᠢ ᠡᠯᠵᠢᠭᠡ ᠲᠠᠯᠪᠢᠵᠦ ᠫᠠᠢ ᠶᠢ ᠴᠢᠨᠠᠭᠰᠢ ᠲᠠᠯᠪᠢᠵᠦ ᠪᠣᠯᠬᠤ ᠦᠭᠡᠢ | ᠬᠡᠮᠵᠢᠶᠡᠨ ᠳᠤ ᠬᠦᠷᠭᠡᠨ᠎ᠡ᠃ ᠰᠠᠨ ᠢᠶᠠᠷ ᠲᠠᠰᠣᠯᠬᠤ᠄ ᠲᠠᠯᠪᠢᠵᠦ ᠪᠠᠶᠢᠭ᠎ᠠ ᠫᠠᠢ ᠶᠢᠨ ᠨᠢᠭᠡ ᠦᠵᠦᠭᠦᠷ ᠨᠢ ᠡᠯᠵᠢᠭᠡ | ᠲᠠᠯᠪᠢᠵᠦ ᠮᠣᠬᠤᠷᠳᠠᠭᠰᠠᠨ ᠪᠣᠯ ᠭᠠᠷ ᠲᠤ ᠪᠠᠶᠢᠭ᠎ᠠ ᠫᠠᠢ ᠶᠢᠨ ᠴᠢᠨᠢ ᠨᠦᠬᠡ ᠶᠢᠨ ᠲᠤᠭ᠎ᠠ ᠨᠢ ᠪᠠᠭ᠎ᠠ ᠪᠠᠶᠢᠵᠦ | ᠪᠣᠰᠣᠳ ᠢ ᠲᠡᠶᠢᠯᠵᠦ ᠪᠣᠯᠬᠤ ᠪᠣᠯᠣᠯᠴᠠᠭ᠎ᠠ ᠲᠠᠢ ᠪᠣᠯ ᠨᠦᠭᠦᠭᠡ ᠦᠵᠦᠭᠦᠷ ᠲᠤᠨᠢ ᠰᠠᠨ ᠢ ᠭᠠᠳᠠᠭᠰᠢ ᠬᠠᠷᠠᠭᠤᠯᠣᠨ | ᠲᠠᠯᠪᠢᠵᠦ ᠫᠠᠢ ᠶᠢ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠬᠦᠷᠭᠡᠨ᠎ᠡ᠃ ᠴᠢᠪᠠᠭᠠᠨᠴᠠ ᠪᠠᠷ ᠲᠠᠰᠣᠯᠬᠤ᠄ ᠨᠢᠭᠡ | ᠦᠵᠦᠭᠦᠷ ᠨᠢ ᠮᠤᠬᠤᠷᠳᠠᠭᠰᠠᠨ ᠫᠠᠢ ᠶᠢᠨ ᠨᠦᠭᠦᠭᠡ ᠦᠵᠦᠭᠦᠷ ᠲᠤᠨᠢ ᠶᠢᠨ ᠫᠢᠩ ᠤᠨ ᠣᠯᠠᠭᠠᠨ ᠨᠦᠬᠡ ᠶᠢ ᠭᠠᠳᠠᠭᠰᠢ | ᠬᠠᠷᠠᠭᠤᠯᠣᠨ ᠲᠠᠯᠪᠢᠵᠦ ᠫᠠᠢ ᠶᠢ ᠬᠡᠨ ᠴᠦ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ | ᠡᠭᠦᠨ ᠳᠤ ᠬᠤᠶᠠᠷ ᠵᠦᠢᠯ ᠤᠨ ᠪᠠᠶᠢᠳᠠᠯ ᠲᠠᠢ ᠪᠠᠶᠢᠳᠠᠭ᠄ ᠨᠦᠭᠦᠭᠡ ᠶᠢᠨ ᠫᠢᠩ ᠨᠢ ᠴᠢᠨᠠᠳᠦ ᠦᠵᠦᠭᠦᠷ ᠲᠤ ᠭᠠᠳᠠᠭᠰᠢ | ᠬᠠᠨᠳᠣᠭᠰᠠᠨ ᠪᠠᠶᠢᠳᠠᠭ᠃ ᠨᠦᠭᠦᠭᠡ ᠶᠢᠨ ᠫᠢᠩ ᠢ ᠦᠪᠡᠷ ᠢᠶᠠᠨ ᠲᠠᠷᠣᠭᠰᠠᠨ ᠪᠣᠶᠣ ᠪᠣᠰᠣᠳ ᠬᠦᠮᠦᠨ ᠲᠠᠷᠣᠭᠰᠠᠨ | ᠪᠠᠶᠢᠬᠤ ᠶᠢ ᠵᠢᠱᠢᠵᠦ ᠮᠡᠳᠡᠬᠦ ᠬᠡᠷᠡᠭᠳᠡᠢ᠃ ᠡᠣ ᠪᠠᠷ ᠲᠠᠰᠣᠯᠬᠤ᠄ ᠨᠢᠭᠡ ᠦᠵᠦᠭᠦᠷ ᠨᠢ ᠮᠤᠬᠤᠷᠳᠠᠭᠰᠠᠨ ᠫᠠᠢ ᠶᠢᠨ | ᠨᠦᠭᠦᠭᠡ ᠦᠵᠦᠭᠦᠷ ᠲᠤᠨᠢ ᠬᠤ᠋ ᠲᠤ ᠡᠣ ︵ᠪᠣᠶᠣ ᠶᠣᠣ ᠡᠣ︶ ᠶᠢᠨ ᠡᠤ ᠶᠢ ᠨᠢ ᠭᠠᠳᠠᠭᠰᠢ ᠬᠠᠷᠠᠭᠤᠯᠣᠨ ᠲᠠᠯᠪᠢᠵᠦ | ᠫᠠᠢ ᠶᠢ ᠬᠡᠨ ᠴᠦ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ ᠲᠡᠭᠡᠬᠦ ᠳᠤ ᠡᠣ ᠪᠠᠷ ᠲᠠᠰᠣᠯᠬᠤ | ᠬᠦᠮᠦᠨ ᠦᠪᠡᠷ ᠢᠶᠠᠨ ᠡᠣ ᠶᠢᠨ ᠪᠣᠰᠣᠳ ᠬᠤᠶᠠᠷ ᠦᠵᠦᠭᠦᠷ ᠲᠠᠢ ᠫᠠᠢ ᠶᠢ ᠲᠠᠷᠣᠭᠰᠠᠨ ᠪᠣᠶᠣ ᠠᠯᠢ ᠨᠢ | ᠭᠠᠷᠣᠭᠰᠠᠨ ᠢ ᠰᠠᠶᠢᠬᠠᠨ ᠡᠵᠡᠮᠳᠡᠬᠦ ᠬᠡᠷᠡᠭᠳᠡᠢ᠃ ᠶᠣᠣ ᠪᠠᠷ ᠲᠠᠰᠣᠯᠬᠤ᠄ ᠨᠢᠭᠡ ᠦᠵᠦᠭᠦᠷ ᠨᠢ ᠮᠤᠬᠤᠷᠳᠠᠭᠰᠠᠨ | ᠫᠠᠢ ᠶᠢᠨ ᠨᠦᠭᠦᠭᠡ ᠦᠵᠦᠭᠦᠷ ᠲᠤᠨᠢ ᠶᠣᠣ ᠶᠢᠨ ᠲᠦᠷᠦᠯ ᠤᠨ ᠬᠤᠶᠠᠷ ᠦᠵᠦᠭᠦᠷ ᠲᠠᠢ ᠫᠠᠢ ᠶᠢᠨ ᠶᠣᠣ ᠶᠢ ᠨᠢ | ᠭᠠᠳᠠᠭᠰᠢ ᠬᠠᠷᠠᠭᠤᠯᠣᠨ ᠲᠠᠯᠪᠢᠵᠦ ᠫᠠᠢ ᠶᠢ ᠬᠡᠨ ᠴᠤ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ | ᠲᠡᠭᠡᠬᠦ ᠳᠤ ᠶᠣᠣ ᠲᠠᠷᠣᠬᠤ ᠬᠦᠮᠦᠨ ᠦᠪᠡᠷ ᠢᠶᠠᠨ ᠶᠣᠣ ᠶᠢᠨ ᠪᠣᠰᠣᠳ ᠬᠤᠶᠠᠷ ᠦᠵᠦᠭᠦᠷ ᠲᠠᠢ ᠫᠠᠢ ᠶᠢ ᠲᠠᠷᠣᠭᠰᠠᠨ | ᠪᠣᠶᠣ ᠠᠯᠢ ᠨᠢ ᠭᠠᠷᠣᠭᠰᠠᠨ ᠢ ᠰᠠᠶᠢᠬᠠᠨ ᠡᠵᠡᠮᠳᠡᠬᠦ ᠬᠡᠷᠡᠭᠳᠡᠢ᠃ ᠯᠢᠣ ᠪᠠᠷ ᠲᠠᠰᠣᠯᠬᠤ᠄ ᠨᠢᠭᠡ ᠦᠵᠦᠭᠦᠷ ᠨᠢ | ᠮᠤᠬᠤᠷᠳᠠᠭᠰᠠᠨ ᠫᠠᠢ ᠶᠢᠨ ᠨᠦᠭᠦᠭᠡ ᠦᠵᠦᠭᠦᠷ ᠲᠤᠨᠢ ᠯᠢᠤ ᠶᠢᠨ ᠲᠦᠷᠦᠯ ᠤᠨ ᠫᠠᠢ ᠶᠢᠨ ᠬᠤᠶᠠᠷ ᠦᠵᠦᠭᠦᠷ ᠲᠠᠢ | ᠫᠠᠢ ᠶᠢᠨ ᠯᠢᠤ ᠶᠢ ᠨᠢ ᠭᠠᠳᠠᠭᠰᠢ ᠬᠠᠷᠠᠭᠤᠯᠣᠨ ᠲᠠᠯᠪᠢᠵᠦ ᠫᠠᠢ ᠶᠢ ᠬᠡᠨ ᠴᠦ ᠴᠢᠨᠠᠭᠰᠢ ᠲᠠᠯᠪᠢᠵᠦ ᠪᠣᠯᠬᠤ ᠦᠭᠡᠢ | ᠬᠡᠮᠵᠢᠶᠡᠨ ᠳᠤ ᠬᠦᠷᠭᠡᠨ᠎ᠡ᠃ ᠲᠡᠭᠡᠬᠦ ᠳᠤ ᠯᠢᠤ ᠲᠠᠷᠣᠬᠤ ᠬᠦᠮᠦᠨ ᠦᠪᠡᠷ ᠢᠶᠠᠨ ᠯᠢᠤ ᠶᠢᠨ ᠪᠣᠰᠣᠳ ᠬᠤᠶᠠᠷ | ᠦᠵᠦᠭᠦᠷ ᠲᠠᠢ ᠫᠠᠢ ᠶᠢ ᠲᠠᠷᠣᠭᠰᠠᠨ ᠪᠣᠶᠣ ᠠᠯᠢ ᠨᠢ ᠭᠠᠷᠣᠭᠰᠠᠨ ᠢ ᠰᠠᠶᠢᠬᠠᠨ ᠡᠵᠡᠮᠳᠡᠬᠦ ᠬᠡᠷᠡᠭᠳᠡᠢ᠃ ︵3︶ | ᠲᠠᠷᠣᠬᠤ᠄ ᠲᠠᠷᠣᠢ ᠫᠠᠢ ᠲᠠᠷᠣᠬᠤ᠃ ᠴᠢᠨᠣ ᠫᠠᠢ ᠲᠠᠯᠪᠢᠬᠤ ᠡᠭᠡᠯᠵᠢ ᠳᠤ ᠲᠡᠭᠡᠷ᠎ᠡ ᠲᠠᠯ᠎ᠠ ᠶᠢᠨ ᠬᠦᠮᠦᠨ ᠤ ᠬᠠᠶᠠᠭᠰᠠᠨ | ᠫᠠᠢ ᠶᠢ ᠵᠠᠯᠭᠠᠵᠦ ᠲᠠᠯᠪᠢᠬᠤ ᠫᠠᠢ ᠦᠭᠡᠢ ᠦᠶᠡᠰ ᠲᠤ ᠪᠠᠶᠢᠳᠠᠯ ᠢᠶᠠᠨ ᠦᠵᠡᠵᠦ ᠪᠠᠶᠢᠭᠠᠳ ᠲᠣᠬᠢᠳᠠᠢ ᠨᠢᠭᠡᠨ ᠫᠠᠢ ᠶᠢ | ᠲᠠᠷᠣᠵᠦ ᠦᠩᠭᠡᠷᠡᠭᠦᠯᠳᠡᠭ᠂ ᠲᠠᠷᠣᠭᠰᠠᠨ ᠫᠠᠢ ᠶᠢ ᠲᠠᠬᠢᠵᠦ ᠠᠪᠴᠦ ᠲᠠᠯᠪᠢᠵᠦ ᠪᠣᠯᠳᠠᠭ ᠦᠭᠡᠢ ᠶᠣᠰᠣ ᠲᠠᠢ᠃ | ᠬᠠᠮᠤᠭ ᠰᠡᠭᠦᠯ ᠳᠤ ᠨᠦᠬᠡ ᠲᠣᠭᠠᠯᠠᠬᠤ ᠬᠡᠮᠵᠢᠶᠡᠨ ᠳᠤ ᠬᠦᠷᠪᠡᠯ ᠲᠠᠷᠣᠭᠰᠠᠨ ᠫᠠᠢ ᠶᠢᠨ ᠨᠦᠬᠡ ᠶᠢᠨ ᠲᠤᠭ᠎ᠠ ᠶᠢ ᠴᠤ | ᠲᠣᠭᠠᠨ ᠳᠤ ᠣᠷᠣᠭᠤᠯᠳᠠᠭ ᠶᠤᠮ᠃ ᠡᠶᠢᠮᠤ ᠠᠴᠠ ᠫᠠᠢ ᠲᠠᠷᠣᠬᠤ ᠳᠤ ᠲᠣᠷ᠎ᠠ ᠪᠠᠷ ᠢᠶᠠᠨ ᠲᠠᠷᠣᠵᠦ ᠪᠣᠯᠬᠤ ᠦᠭᠡᠢ᠂ | ᠰᠠᠶᠢᠳᠣᠷ ᠪᠣᠳᠣᠯᠬᠢᠯᠠᠬᠤ ᠬᠡᠷᠡᠭᠳᠡᠢ᠂ ᠨᠢᠭᠡ ᠳᠤ ᠦᠪᠡᠷ ᠤᠨ ᠢᠶᠠᠨ ︽ᠣᠯᠬᠤ︾ ᠶᠢ ᠪᠣᠳᠣᠯᠬᠢᠯᠠᠬᠤ ᠬᠡᠷᠡᠭᠳᠡᠢ︔ | ᠬᠤᠶᠠᠷ ᠲᠤ ᠪᠣᠰᠣᠳ ᠢ ᠶᠣᠷᠯᠠᠬᠤ ᠬᠡᠷᠡᠭᠳᠡᠢ᠂ ᠪᠣᠰᠣᠳ ᠢ ᠴᠦ ᠭᠠᠷᠭᠠᠵᠦ ᠴᠢᠳᠠᠬᠤ ᠦᠭᠡᠢ ᠲᠠᠷᠣᠬᠤ ᠬᠡᠮᠵᠢᠶᠡᠨ ᠳᠤ | ᠬᠦᠷᠭᠡᠬᠦ ᠶᠢ ᠪᠣᠳᠣᠯᠬᠢᠯᠠᠬᠤ ᠬᠡᠷᠡᠭᠳᠡᠢ ᠶᠤᠮ᠃ ᠭᠡᠳᠡᠯ᠎ᠡ ᠨᠦᠭᠦᠭᠡ ᠬᠤᠶᠠᠷ ᠤᠨ ᠢᠶᠠᠨ ᠨᠢᠭᠡ ᠶᠢ ᠯᠠ ᠶᠣᠷᠯᠠᠭᠠᠳ | ᠨᠦᠭᠦᠭᠡ ᠶᠢ ᠨᠢ ︽ᠵᠢᠩ︾ ᠪᠣᠯᠭᠠᠪᠠᠯ ᠬᠠᠷᠢᠨ ᠲᠦᠯᠦᠪᠦᠷᠢ ᠳᠤ ᠣᠷᠣᠳᠠᠭ᠃ ︵4︶ ᠪᠦᠵᠢᠶᠠᠨ᠄ ᠨᠢᠭᠡ ᠲᠠᠯᠠᠪᠣᠷ | ᠫᠠᠢ ᠪᠠᠷᠠᠳᠠᠯ᠎ᠠ ᠡᠣ᠂ ᠰᠠᠨ᠂ ᠴᠢᠪᠠᠭᠠᠨᠴᠠ᠂ ᠡᠯᠵᠢᠭᠡ᠂ ᠯᠢᠦ᠂ ᠶᠣᠣ ᠵᠡᠷᠭᠡ ᠫᠠᠢ ᠶᠠᠭ ᠬᠠᠷᠠᠭᠳᠠᠭᠰᠠᠨ ᠦᠭᠡᠢ ᠪᠣᠯ | ᠠᠯᠢ ᠨᠢᠭᠡ ᠶᠢ ᠨᠢ ᠲᠠᠯᠪᠢᠪᠠᠰᠦ ᠵᠣᠬᠢᠬᠤ ᠬᠦᠮᠦᠨ ᠨᠢ ᠭᠠᠷᠭᠠᠭᠰᠠᠨ ᠦᠭᠡᠢ ᠪᠣᠯ ᠲᠡᠷᠡ ᠬᠦᠮᠦᠨ ᠲᠡᠳᠡᠭᠡᠷ ᠤᠨ | ᠲᠤᠭ᠎ᠠ ᠪᠠᠷ ᠲᠦᠯᠦᠳᠡᠭ ᠶᠤᠮ᠃ ᠵᠢᠱᠢᠶᠡᠯᠡᠪᠡᠯ᠂ ᠨᠢᠭᠡ ᠲᠠᠯᠠᠪᠣᠷ ᠫᠠᠢ ᠲᠠᠭᠤᠰᠳᠠᠯ᠎ᠠ ᠴᠢᠪᠠᠭᠠᠨᠴᠠ ᠬᠠᠷᠠᠭᠳᠠᠭᠰᠠᠨ | ᠦᠭᠡᠢ ᠪᠣᠯ ᠯᠢᠦ ᠬᠡᠳᠦ ᠣᠳᠠᠭ᠎ᠠ ᠭᠠᠷᠴᠦ ᠪᠠᠶᠢᠳᠠᠯ᠎ᠠ ︵ᠴᠢᠪᠠᠭᠠᠨᠴᠠ ᠭᠠᠷᠭᠠᠬᠤ ᠲᠣᠬᠢᠶᠠᠯ ᠲᠠᠭᠠᠷᠠᠵᠦ ᠪᠠᠶᠢᠳᠠᠯ᠎ᠠ︶ | ᠶᠢᠨ ᠫᠢᠩ ᠢ ᠲᠠᠯᠪᠢᠭᠰᠠᠨ ᠦᠭᠡᠢ ᠬᠦᠮᠦᠨ ᠨᠢ ︽ᠴᠢᠪᠠᠭᠠᠨᠴᠠ ᠶᠢᠨ ᠪᠦᠵᠢᠶᠠᠨ︾ ᠲᠦᠯᠦᠳᠡᠭ ᠶᠤᠮ᠃ | ᠭᠤᠷᠪᠠ᠂ . ᠬᠡᠭᠡᠷ᠎ᠡ ᠲᠣᠭᠠᠯᠠᠬᠤ ᠨᠠᠭᠠᠳᠤᠮ ᠤᠨ ᠱᠦᠭᠦᠯᠴᠡᠭᠡᠨ ᠢᠶᠠᠨ ᠪᠣᠳᠣᠬᠤ ᠠᠷᠭ᠎ᠠ᠄ ᠵᠠᠷᠢᠮ ᠬᠦᠮᠦᠨ ︽ | ᠶᠠᠰᠣᠨ ᠫᠠᠢ ᠬᠡᠭᠡᠷ᠎ᠡ ᠲᠣᠭᠠᠯᠠᠬᠤ ᠭᠡᠭᠴᠢ ᠵᠣᠭᠤᠰ ᠮᠦᠷᠦ᠋ᠢᠬᠦ ᠯᠠ ᠨᠠᠭᠠᠳᠣᠮ︾ ᠭᠡᠳᠡᠭ᠂ ᠭᠡᠳᠡᠯ᠎ᠡ ᠣᠩᠨᠢᠭᠤᠳ | ᠮᠣᠩᠭᠤᠯᠴᠣᠳ ᠤᠨ ᠶᠠᠰᠣᠨ ᠫᠠᠢ ᠨᠠᠭᠠᠳᠣᠮ ᠤᠨ ᠱᠦᠭᠦᠯᠴᠡᠭᠡᠨ ᠳᠤ ᠬᠡᠳᠦ᠋ᠢᠪᠡᠷ ᠪᠣᠳᠠ ᠪᠣᠭ ᠢᠶᠠᠷ | ᠢᠯᠠᠭᠳᠠᠭᠰᠠᠨ ᠢᠶᠠᠨ ᠲᠣᠷᠭᠠᠳᠠᠭ ᠪᠣᠯᠪᠠᠴᠦ ᠲᠡᠭᠦᠨ ᠢ ᠴᠦᠮ ᠭᠦᠢᠯᠡᠰᠦᠨ ᠦᠷ᠎ᠡ ᠪᠣᠷᠴᠠᠭ ᠤᠨ ᠦᠷ᠎ᠡ ᠪᠣᠶᠣ | ᠱᠠᠭ᠎ᠠ ᠪᠠᠷ ᠣᠷᠣᠯᠠᠭᠤᠯᠳᠠᠭ ᠶᠤᠮ᠃ ᠲᠡᠭᠡᠬᠦ ᠳᠤ ᠬᠦᠮᠦᠨ ᠪᠦᠷᠢ ᠠᠳᠠᠯᠢᠬᠠᠨ 10 ︽ᠦᠬᠡᠷ︾ ︵ᠱᠠᠭ᠎ᠠ ᠪᠠᠷ | ᠣᠷᠣᠯᠠᠭᠤᠯᠳᠠᠭ︶ ᠪᠠ ᠨᠢᠵᠡᠭᠡᠳ ︽ᠬᠤᠨᠢ︾ ︵ᠪᠣᠷᠴᠠᠭ ᠪᠣᠶᠣ ᠰᠢᠰᠢ ᠶᠢᠨ ᠦᠷ᠎ᠡ ᠪᠠᠷ ᠣᠷᠣᠯᠠᠭᠤᠯᠳᠠᠭ︶ | ᠠᠪᠴᠦ᠂ ᠬᠡᠨ ᠨᠢ ᠪᠦᠬᠦᠨ ᠢ ᠱᠦᠭᠦᠭᠳᠡᠵᠦ ᠪᠠᠷᠠᠪᠠᠯ ᠣᠯᠵᠦ ᠪᠠᠶᠢᠭ᠎ᠠ ᠬᠦᠮᠦᠨ ᠠᠴᠠ ᠪᠠᠨ ︽ᠵᠢᠭᠡᠯᠡᠯᠭᠡ ᠲᠠᠯᠪᠢᠵᠦ︾ | ᠨᠠᠭᠠᠳᠬᠤ ᠲᠣᠮᠳᠠ ᠢᠯᠠᠭᠰᠠᠨ ᠪᠣᠯ ︽ᠵᠢᠭᠡᠯᠡᠯᠭᠡ︾ ᠪᠠᠨ ᠲᠦᠯᠦᠳᠡᠭ ᠶᠤᠮ᠃ 1 ᠦᠬᠡᠷ ︵ᠪᠣᠳᠠ︶ = 10 | ᠬᠤᠨᠢ ︵ᠪᠣᠭ︶ ᠨᠢᠭᠡ ᠬᠡᠭᠡᠷ᠎ᠡ ᠶᠢ 5 ᠬᠤᠨᠢ ᠪᠠᠷ ᠪᠣᠳᠣᠳᠠᠭ᠃ ᠵᠢᠱᠢᠶᠡᠯᠡᠪᠡᠯ ᠭᠤᠷᠪᠠᠨ ᠡᠯᠵᠢᠭᠡ ᠪᠦᠳᠦᠪᠡᠯ 3 × | 5 = 15 ᠬᠤᠨᠢ ᠪᠠᠷ ᠪᠣᠳᠣᠳᠠᠭ᠂ ᠲᠠᠷᠣᠢ ᠨᠢᠭᠡ ᠦᠬᠡᠷ 5 ᠬᠤᠨᠢ ᠪᠣᠳᠣᠵᠦ ᠠᠪᠳᠠᠭ᠃ ᠵᠢᠩ ᠵᠤᠸᠠᠩ᠄ ᠨᠢᠭᠡ | ᠦᠬᠡᠷ ᠢᠶᠠᠷ ᠪᠣᠳᠣᠵᠦ ᠠᠪᠳᠠᠭ᠂ ᠲᠠᠷᠣᠢ 10 ᠬᠤᠨᠢ ᠪᠣᠳᠣᠵᠦ ᠠᠪᠳᠠᠭ᠃ ᠡᠩ ᠤᠨ ᠵᠣᠸᠠᠩ᠄ 5 ᠬᠤᠨᠢ ᠪᠠᠷ | ᠪᠣᠳᠣᠵᠦ ᠠᠪᠳᠠᠭ᠃ | ᠲᠦᠷᠪᠡ᠂ ᠬᠡᠭᠡᠷ᠎ᠡ ᠲᠣᠭᠠᠯᠠᠬᠤ ᠨᠠᠭᠠᠳᠣᠮ ᠤᠨ ᠲᠦᠷᠢᠮ᠄ ︵1︶ ᠬᠡᠨ ᠨᠢᠭᠡ ᠨᠢ ᠪᠠᠰᠢᠶᠠᠷ ᠪᠦᠳᠦᠭᠡᠪᠡᠯ ᠬᠡᠳᠦᠢ | ᠱᠦᠭᠦᠭᠳᠡᠭᠰᠡᠨ ᠴᠤ ︽ᠰᠢᠷᠡᠭᠡ ᠪᠠᠶᠠᠰᠣᠨ᠎ᠠ︾ ᠭᠡᠵᠦ ᠪᠦᠭᠦᠳᠡᠭᠡᠷ ᠢᠶᠠᠨ ᠪᠠᠶᠠᠷᠯᠠᠳᠠᠭ︔ ︵2︶ ᠭᠤᠷᠪᠠᠭᠤᠯᠠ ᠪᠠᠨ | ᠵᠢᠩ ᠪᠣᠯᠪᠠᠯ ᠮᠦᠨ ︽ᠰᠢᠷᠡᠭᠡ ᠪᠠᠶᠠᠰᠣᠨ᠎ᠠ︾ ᠭᠡᠵᠦ ᠪᠦᠭᠦᠳᠡᠭᠡᠷ ᠢᠶᠠᠨ ᠪᠠᠶᠠᠷᠯᠠᠳᠠᠭ︔ ︵3︶ ᠬᠡᠭᠡᠷ᠎ᠡ | ᠲᠣᠭᠠᠯᠠᠬᠤ ᠳᠤ ᠶᠡᠷᠦᠨᠢ ᠵᠣᠭᠤᠰ ᠨᠠᠭᠠᠳᠬᠤ ᠶᠢ ᠲᠠᠰᠣ ᠴᠡᠭᠡᠷᠯᠡᠳᠡᠭ︔ ︵4︶ ᠡᠭᠡᠯᠵᠢ ᠪᠦᠷᠢ ᠶᠢ ᠡᠬᠢᠯᠡᠨ | ᠨᠠᠭᠠᠳᠬᠤ ᠳᠤ ᠫᠠᠢ ᠪᠠᠨ ᠬᠤᠪᠢᠶᠠᠨ ᠠᠪᠣᠭᠰᠠᠨ ᠤ ᠲᠠᠷᠠᠭ᠎ᠠ ᠬᠡᠨ ᠤ ᠬᠢᠨᠢ ᠣᠯᠣᠭᠰᠠᠨ ᠫᠠᠢ ᠳᠤ ᠭᠤᠷᠪᠠᠨ ᠬᠤᠣᠰ | ᠬᠦᠨᠳᠡᠯᠡᠨ ᠫᠠᠢ ᠪᠣᠶᠣ ᠨᠠᠢᠮᠠᠨ ᠬᠦᠨᠳᠡᠯᠡᠨ ᠫᠠᠢ ᠪᠠᠶᠢᠬᠤ ᠡᠰᠡᠬᠦᠯ᠎ᠡ ᠯᠢᠣ ᠶᠢᠨ ᠲᠦᠷᠦᠯ ᠤᠨ ᠫᠠᠢ ᠦᠭᠡᠢ ᠪᠣᠯ | ᠨᠠᠭᠠᠳᠬᠤ ᠦᠭᠡᠢ ᠲᠠᠬᠢᠵᠦ ᠫᠠᠢ ᠣᠭᠢᠶᠠᠨ ᠠᠪᠣᠨ᠎ᠠ︔ ︵5︶ ᠲᠦᠯᠦᠬᠦ᠂ ᠭᠠᠷᠭᠠᠬᠤ ᠴᠢᠬᠤᠯᠠ ᠲᠠᠢ ᠫᠠᠢ ᠪᠠᠨ | ᠭᠠᠷᠭᠠᠭᠰᠠᠨ ᠦᠭᠡᠢ᠂ ᠬᠠᠰᠢᠬᠤ ᠴᠢᠬᠤᠯᠠ ᠲᠠᠢ ᠦᠶᠡᠰ ᠲᠤ ᠬᠠᠰᠢᠭᠰᠠᠨ ᠦᠭᠡᠢ᠂ ᠲᠠᠷᠣᠬᠤ ᠴᠢᠬᠤᠯᠠ ᠦᠭᠡᠢ | ᠫᠠᠢ ᠶᠢ ᠲᠠᠷᠣᠭᠠᠳ ᠪᠣᠰᠣᠳ ᠲᠤ ᠢᠳᠡᠭᠳᠡᠭᠰᠡᠨ ᠪᠣᠯ ᠢᠳᠡᠭᠰᠡᠨ ᠲᠤᠭ᠎ᠠ ᠪᠠᠷ ᠲᠦᠯᠦᠬᠦ ᠬᠡᠷᠡᠭᠳᠡᠢ︔ ︵6︶ | ᠱᠦᠭᠦᠭᠳᠡᠪᠡᠯ ᠯᠠᠶᠢᠮᠣᠷᠳᠠᠵᠦ ᠪᠣᠯᠬᠤ ᠦᠭᠡᠢ᠂ ᠨᠡᠩ ᠴᠦ ᠬᠡᠷᠡᠭᠦᠯ ᠴᠣᠣᠭᠢᠶᠠᠨ ᠡᠭᠦᠰᠭᠡᠵᠦ ᠪᠣᠯᠬᠤ ᠦᠭᠡᠢ︔ ︵7︶ | ᠡᠬᠢᠯᠡᠵᠦ ᠫᠠᠢ ᠲᠠᠯᠪᠢᠬᠤ ᠬᠦᠮᠦᠨ ᠣᠨᠴᠠᠭᠠᠢ ᠪᠠᠶᠢᠳᠠᠯ ᠦᠭᠡᠢ ᠪᠣᠯ ᠭᠠᠷ ᠤᠨ ᠲᠠᠷᠠᠭᠠᠬᠢ ᠬᠦᠮᠦᠨ ᠢ ᠪᠠᠷᠢᠨ | ᠲᠠᠷᠣᠭᠤᠯᠬᠤ ᠦᠭᠡᠢ ᠵᠡᠷᠭᠡ ᠪᠠᠶᠢᠳᠠᠭ᠃ ︵ᠦᠨᠡᠨᠪᠠᠲᠤ︶ | | |