ᠪᠦᠰᠡ ᠪᠠᠨ ᠬᠦᠨᠳᠦᠳᠭᠡᠬᠦ ᠶᠢᠨ ᠣᠴᠢᠷ
ᠨᠡᠶᠢᠲᠡᠯᠡᠭᠰᠡᠨ ᠴᠠᠭ᠄
2019/11/5
ᠮᠣᠩᠭᠤᠯᠴᠣᠳ ᠬᠠᠮᠢᠭ᠎ᠠ ᠴᠦ ᠶᠠᠪᠣᠭᠰᠠᠨ ᠬᠡᠵᠢᠶ᠎ᠡ ᠴᠦ ᠡᠷᠬᠢᠮᠯᠡᠨ ᠬᠦᠨᠳᠦᠯᠡᠵᠦ ᠶᠠᠪᠣᠳᠠᠭ ᠵᠦᠢᠯ ᠤᠨ ᠨᠢᠭᠡ ᠪᠤᠯ ᠮᠠᠯᠠᠭᠠᠢ᠂ ᠪᠦᠰᠡ᠃ ᠲᠡᠷᠡ ᠳᠣᠮᠳᠠ ᠪᠠᠨ ᠡᠷ᠎ᠡ ᠬᠦᠮᠦᠨ ᠤ ᠬᠡᠶᠢᠮᠣᠷᠢ ᠰᠦᠯᠳᠠ ᠮᠠᠯᠠᠭᠠᠢ ᠪᠦᠰᠡᠨ ᠳᠡᠭᠡᠨ ᠭᠡᠵᠦ ᠬᠡᠯᠡᠯᠴᠡᠳᠡᠭ᠃ ᠨᠡᠭᠦᠳᠡᠯᠴᠢᠨ ᠠᠵᠤ ᠠᠮᠢᠳᠤᠷᠠᠯ ᠤᠨ ᠡᠳᠦᠷ ᠲᠤᠲᠤᠮ ᠳᠤ ᠬᠦᠮᠦᠰ ᠮᠣᠷᠢ᠂ ᠲᠡᠮᠡᠭᠡ ᠣᠨᠣᠵᠤ ᠠᠵᠢᠯ ᠠᠮᠢᠳᠣᠷᠠᠯ ᠢᠶᠠᠨ ᠠᠮᠵᠢᠭᠤᠯᠳᠠᠭ ᠨᠢ ᠲᠤᠳᠤᠷᠬᠠᠢ᠃ ᠠᠩ ᠳᠤ ᠶᠠᠪᠤᠬᠤ ᠳᠠᠭᠠᠨ ᠨᠣᠮᠤ ᠰᠤᠮᠤ ᠪᠠᠨ ᠠᠭᠰᠠᠬᠤ᠂ ᠳᠠᠯᠢᠩ ᠢᠶᠠᠨ ᠪᠦᠰᠡᠨ ᠳᠤ ᠬᠠᠪᠴᠢᠭᠤᠯᠬᠤ ᠵᠡᠷᠭᠡ ᠪᠠᠷ ᠲᠣᠭᠲᠠᠭᠠᠳᠠᠭ ᠵᠦᠢᠯ ᠣᠯᠠᠨ ᠪᠤᠢ᠃ ᠶᠡᠷᠦ ᠨᠢ ᠮᠣᠩᠭᠤᠯ ᠬᠦᠮᠦᠨ ᠬᠡᠨ ᠴᠦ ᠪᠠᠶᠢᠭᠰᠠᠨ ᠨᠢᠭᠡᠨ ᠤ ᠪᠠᠨ ᠲᠣᠯᠣᠭᠠᠢ ᠳᠤ ᠬᠦᠷᠬᠦ᠂ ᠮᠠᠯᠠᠭᠠᠢ ᠪᠠᠨ ᠳᠤᠣᠷ᠎ᠠ ᠲᠠᠯᠪᠢᠬᠤ ᠳᠤᠷ᠎ᠠ ᠦᠭᠡᠢ᠃ ᠡᠷ᠎ᠡ ᠬᠦᠮᠦᠨ ᠤ ᠡᠷᠬᠢᠮ ᠲᠡᠭᠡᠳᠦ ᠭᠤᠶᠣᠯᠠᠯ ᠢ ᠰᠠᠶᠢᠬᠠᠨ ᠮᠠᠯᠠᠭᠠᠢ᠂ ᠰᠠᠶᠢᠬᠠᠨ ᠪᠦᠰᠡ ᠭᠡᠵᠦ ᠦᠵᠡᠳᠡᠭ᠃ ᠢᠯᠠᠩᠭᠤᠶ᠎ᠠ ᠡᠷᠦᠬᠡ ᠶᠢᠨ ᠲᠡᠷᠢᠭᠦᠨ ᠤ ᠪᠦᠰᠡ ᠪᠤᠯ ᠲᠡᠷᠡ ᠠᠶᠢᠯ ᠤᠨ ᠡᠷᠬᠢᠮ ᠲᠡᠭᠡᠳᠦ᠂ ᠬᠦᠨᠳᠤᠳᠬᠡᠯ ᠲᠠᠢ ᠵᠦᠢᠯ ᠎ ᠤᠨ ᠨᠢᠭᠡ᠃ ᠲᠡᠶᠢᠮᠦ ᠠᠴᠠ ᠡᠷᠬᠢᠮ ᠳᠤᠲᠤᠨᠤ ᠬᠦᠨᠳᠦᠳᠭᠡᠯ ᠤᠨ ᠢᠯᠡᠷᠬᠡᠶᠢᠯᠡᠯ ᠪᠤᠯᠭᠠᠵᠤ ᠪᠦᠰᠡ ᠪᠠᠨ ᠰᠤᠯᠢᠯᠴᠠᠵᠤ ᠠᠬ ‍ᠠ᠋ ᠲᠡᠭᠦᠦ ᠪᠤᠯᠤᠯᠴᠠᠳᠠᠭ ᠠᠷᠢᠭᠤᠨ ᠶᠣᠰᠣ ᠪᠤᠢ᠃ ᠲᠣᠬᠠᠶᠢᠯᠠᠪᠠᠯ᠄ ᠴᠢᠩᠭᠢᠰ ᠬᠠᠭᠠᠨ ᠵᠠᠮᠤᠬ᠎ᠠ ᠲᠠᠢ ᠠᠨᠳᠠ ᠪᠣᠯᠣᠯᠴᠠᠬᠤ ᠳᠠᠭᠠᠨ ᠠᠯᠳᠠᠨ ᠪᠦᠰᠡ ᠰᠤᠯᠢᠯᠴᠠᠳᠠᠭ ᠪᠤᠯ᠂ ᠷᠣᠮᠠ ᠶᠢᠨ ᠫᠠᠫᠠ ᠬᠤᠪᠢᠯᠠᠢ ᠬᠠᠭᠠᠨ ᠳᠤ ᠠᠯᠳᠠᠨ ᠪᠦᠰᠡ ᠪᠡᠯᠡᠭᠯᠡᠵᠦ ᠪᠠᠶᠢᠭᠰᠠᠨ ᠲᠤᠬᠠᠢ ᠪᠢᠳᠡ ᠲᠡᠦᠬᠡ ᠶᠢᠨ ᠰᠣᠷᠪᠤᠯᠵᠢ ᠪᠢᠴᠢᠭ ᠠᠴᠠ ᠮᠡᠳᠡᠨ᠎ᠡ᠃ ᠣᠳᠤ ᠴᠦ ᠭᠡᠰᠡᠨ ᠰᠠᠷ᠎ᠠ ᠰᠢᠨ᠎ᠡ ᠶᠢᠨ ᠪᠠᠶᠠᠷ ᠢᠶᠠᠷ ᠣᠶᠢᠷ᠎ᠠ ᠳᠣᠲᠣᠨᠣ ᠶᠢᠨ ᠠᠬ ‍ᠠ᠋ ᠨᠠᠰᠤᠲᠠᠢ ᠡᠷᠡᠭᠲᠠᠢ ᠬᠦᠮᠦᠨ ᠳᠤ ᠪᠦᠰᠡ ᠪᠤᠯᠤᠨ ᠪᠦᠰᠡᠨ ᠤ ᠮᠠᠲ᠋ᠧᠷᠢᠶᠠᠯ ᠪᠡᠯᠡᠭᠯᠡᠳᠡᠭ ᠣᠯᠠᠮᠵᠢᠯᠠᠯ ᠦᠶ᠎ᠡ ᠠᠴᠠ ᠦᠶ᠎ᠡ ᠳᠤ ᠳᠠᠮᠵᠢᠨ ᠬᠠᠳᠠᠭᠠᠯᠠᠭᠳᠠᠵᠤ ᠪᠠᠶᠢᠨ᠎ᠠ᠃ ᠡᠷ᠎ᠡ ᠬᠦᠮᠦᠨ ᠤ ᠬᠡᠶᠢᠮᠣᠷᠢ ᠪᠦᠰᠡᠨ ᠳᠤ ᠪᠠᠶᠢᠳᠠᠭ ᠭᠡᠵᠦ ᠦᠵᠡᠳᠡᠭ ᠣᠴᠢᠷ ᠡᠷᠡᠭᠲᠠᠶᠢᠴᠤᠳ ᠬᠡᠭᠡᠷ᠎ᠡ ᠭᠠᠳᠠᠭ᠋ ‍ᠠ᠋ ᠬᠠᠮᠢᠭ᠎ᠠ ᠴᠦ ᠶᠠᠪᠣᠭᠰᠠᠨ ᠣᠨᠳᠠᠬᠤ ᠳᠠᠭᠠᠨ ᠪᠦᠰᠡ ᠪᠠᠨ ᠲᠠᠤᠯᠠᠢ ᠵᠠᠩᠭᠢᠳᠴᠤ ᠳᠡᠷ᠎ᠡ ᠳᠤᠣᠷ᠎ᠠ ᠪᠠᠨ ᠬᠢᠳᠡᠭ᠃ ᠮᠠᠨ ᠤ ᠠᠷᠠᠳ ᠲᠦᠮᠡᠨ ︽ᠪᠦᠰᠡ ᠴᠢᠩᠭ᠎ᠠ ᠪᠤᠯ ᠪᠡᠶ᠎ᠡ ᠴᠢᠩᠭ᠎ᠠ᠂ ᠠᠶᠢᠯ ᠭᠡᠷ ᠲᠣᠭᠳᠠᠪᠤᠷᠢᠲᠠᠢ ᠪᠤᠯ ᠲᠦᠷᠦ ᠪᠠᠳᠤ ᠴᠢᠩᠭ᠎ᠠ︾ ᠭᠡᠵᠦ ᠶᠠᠷᠢᠯᠴᠠᠳᠠᠭ ᠪᠢᠯᠡ᠃ ᠮᠦᠨ ᠠᠷᠠᠳ ᠲᠦᠮᠡᠨ ᠤ ᠳᠤᠮᠳᠠ᠄ ᠪᠦᠳᠦᠬᠦ ᠲᠦᠷᠦ ᠶᠢᠨ ᠪᠦᠰᠡ ᠮᠠᠨᠳᠣᠬᠤ ᠲᠦᠷᠦ ᠶᠢᠨ ᠮᠠᠯᠠᠭᠠᠢ ᠳᠡᠯᠭᠡᠷᠡᠬᠦ ᠲᠦᠷᠦ ᠶᠢᠨ ᠳᠡᠪᠡᠯ ᠲᠤᠯᠬᠤ ᠲᠦᠷᠦ ᠶᠢᠨ ᠭᠤᠲᠤᠯ ᠭᠡᠵᠦ ᠬᠤᠪᠴᠠᠰᠤ ᠪᠠᠨ ᠮᠠᠭᠳᠠᠭᠰᠠᠨ ᠮᠠᠭᠳᠠᠭᠠᠯ ᠦᠷᠭᠡᠨ ᠲᠡᠯᠭᠡᠷ ᠲᠠᠷᠬᠠᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号