ᠵᠠᠭᠤᠴᠢ ᠶᠢᠨ ᠦᠬᠢᠨ ᠭᠤᠶᠤᠬᠤ ᠦᠭᠡ
ᠨᠡᠶᠢᠲᠡᠯᠡᠭᠰᠡᠨ ᠴᠠᠭ᠄
2019/11/8
ᠳᠡᠬᠦᠰ ᠬᠦᠮᠦᠨ ᠢ ᠭᠤᠶᠤᠵᠤ ᠵᠠᠭᠤᠴᠢ ᠪᠤᠯᠭᠠᠨ᠂ ᠪᠡᠯᠬᠡᠳᠡᠯᠳᠤ ᠰᠠᠶᠢᠨ ᠡᠳᠤᠷ ᠳᠤᠭᠳᠠᠭᠠᠵᠤ᠂ ᠳᠡᠷᠡ ᠡᠳᠤᠷ ᠢᠶᠠᠨ ᠦᠬᠢᠨ ᠤ ᠬᠡᠷ ᠲᠤ ᠵᠠᠭᠤᠴᠢ ︵ᠨᠠᠷ︶᠎ ᠪᠠᠨ ᠢᠯᠡᠬᠡᠵᠤ᠂ ᠤᠷᠤᠭ ᠪᠠᠷᠢᠯᠳᠤᠬᠤ ᠦᠬᠢᠨ ᠭᠤᠶᠤᠵᠤ ᠪᠤᠢ ᠪᠠᠨ ᠮᠡᠳᠡᠭᠳᠡᠨ᠂ ᠡᠴᠢᠬᠡ᠂ ᠡᠬᠡ ᠳᠤᠨᠢ ᠤᠷᠤᠭ ᠤᠨ ᠦᠬᠡ ᠬᠡᠯᠡᠬᠡᠳ ᠬᠠᠳᠠᠭ ᠪᠠᠷᠢᠳᠠᠭ ᠶᠤᠰᠤ ᠲᠠᠢ᠃ ᠵᠠᠭᠤᠴᠢ ᠨᠠᠷ ᠵᠤᠷᠢᠭᠰᠠᠨ ᠠᠶᠢᠯ ᠳᠠᠭᠠᠨ ᠤᠴᠢᠭᠠᠳ᠄ ᠳᠠᠨ ᠤ ᠳᠤ ᠦᠷ᠎ᠡ ᠳᠦᠷᠤ ᠶᠢᠨ ᠬᠡᠷᠡᠭ ᠲᠠᠢ ᠢᠷᠡᠯ᠎ᠡ ᠳᠠᠨ ᠤ ᠳᠤ ᠬᠤᠨᠢᠨ ᠵᠢᠯ ᠲᠠᠢ ᠠᠷᠪᠠᠨ ᠨᠠᠢᠮᠠᠨ ᠨᠠᠰᠤ ᠲᠠᠢ ᠳᠠᠩᠬᠢᠯ ᠬᠤᠩᠭᠤᠷ ᠦᠬᠢᠨ ᠪᠤᠢ ᠬᠡᠨ᠎ᠡ ᠮᠠᠨ ᠤ ᠳᠤ ᠨᠢᠬᠡ ᠬᠦᠤ ᠪᠠᠶᠢᠨ᠎ᠠ ᠳᠡᠬᠦᠨ ᠤ ᠬᠢ ᠪᠠᠨ ᠤᠳᠤᠭ᠎ᠠ ᠶᠢ ᠦᠵᠡᠵᠤ ᠤᠷᠤᠨ ᠬᠡᠷ ᠪᠤᠯᠭᠠᠬᠤ ᠬᠦᠰᠡᠯ ᠲᠠᠢ ᠶᠠᠪᠤᠨ᠎ᠠ ᠲᠠ ᠪᠦᠬᠦᠳᠡ ᠶᠢᠨ ᠠᠭᠤᠵᠢ ᠬᠤᠷᠮᠤᠢ ᠠᠭᠤᠵᠢᠮ ᠰᠤᠭᠤᠨ ᠳᠤ ᠪᠠᠭᠳᠠᠭᠠᠵᠤ ᠬᠡᠷ ᠪᠦᠯᠢ ᠪᠤᠯᠭᠠᠬᠤ ᠡᠶᠢᠮᠤ ᠬᠦᠰᠡᠯ ᠲᠠᠢ ᠶᠠᠪᠤᠨ᠎ᠠ ᠬᠡᠰᠡᠨ ᠤᠳᠬ᠎ᠠ ᠰᠠᠨᠠᠭ᠎ᠠ ᠪᠦᠬᠦᠢ ᠤᠷᠠᠨ ᠦᠬᠡᠰ ᠬᠡᠯᠡᠳᠡᠭ᠃ ᠵᠠᠭᠤᠴᠢ ᠨᠠᠷ ᠤᠨ ᠡᠨᠡᠬᠦ ᠦᠬᠡᠰ ᠨᠢ ᠶᠠᠩᠵᠤ ᠪᠦᠷᠢ ᠪᠠᠶᠢᠭᠰᠠᠨ ᠪᠤᠯᠪᠠᠴᠤ ᠤᠷᠤᠭ ᠤᠶᠢᠷᠠᠳᠤᠭᠤᠯᠳᠠᠭ ᠦᠬᠢᠨ ᠭᠤᠶᠤᠬᠤ ᠶᠤᠰᠤ ᠨᠢ ᠢᠵᠢᠯ ᠪᠢᠯᠡ᠃ ᠳᠡᠶᠢᠨᠬᠦ ᠬᠦᠤ ᠳᠠᠯ᠎ᠠ ᠠᠴᠠ ᠦᠢᠯᠡᠳᠦᠭᠰᠡᠨ ᠬᠤᠷᠢᠮ ᠤᠨ ᠡᠮᠤᠨᠡᠬᠢ ᠵᠠᠩ ᠦᠢᠯᠡ᠂ ᠶᠤᠰᠤᠯᠠᠯ ᠢ ᠦᠬᠢᠨ ᠤ ᠳᠠᠯ᠎ᠠ ᠬᠦᠯᠢᠶᠡᠨ ᠵᠦᠪᠰᠢᠶᠡᠷᠡᠭᠰᠡᠨ ᠪᠤᠯ ᠬᠦᠤ᠂ ᠦᠬᠢᠨ ᠤ ᠨᠠᠰᠤ ᠵᠢᠯ ᠢ ᠬᠤᠤᠰᠯᠠᠨ᠂ ᠢᠪᠡᠬᠡᠯ ᠮᠠᠬᠠᠪᠤᠳ ᠢ ᠦᠵᠡᠵᠤ᠂ ᠬᠠᠷᠰᠢ ᠪᠢᠰᠢ ᠪᠤᠯᠪᠠᠰᠤ ᠤᠷᠤᠭ ᠪᠠᠷᠢᠯᠳᠤᠬᠤ ᠤᠷᠤᠭ ᠤᠨ ᠬᠡᠷᠡᠭ ᠪᠦᠲᠦᠳᠡᠭ ᠪᠠᠶᠢᠨ᠎ᠠ᠃ ᠬᠠᠷᠢᠨ ᠵᠢᠯ᠂ ᠮᠠᠬᠠᠪᠤᠳ ᠬᠠᠷᠰᠢ ᠬᠡᠮᠡᠭᠳᠡᠪᠡᠯ ᠦᠬᠢᠨ ᠤ ᠳᠠᠯ᠎ᠠ ᠭᠤᠶᠤᠯᠳᠠ ᠶᠢ ᠬᠦᠯᠢᠶᠡᠨ ᠠᠪᠬᠤ ᠳᠤ ᠬᠡᠳᠦᠶᠢᠪᠡᠷ ᠳᠠᠳᠠᠭᠠᠯᠵᠠᠬᠤ ᠦᠬᠡᠢ ᠪᠠᠶᠢᠪᠠᠴᠤ ᠤᠷᠤᠭ ᠪᠠᠷᠢᠯᠳᠤᠬᠤ ᠶᠤᠰᠤᠨ ᠤ ᠳᠠᠭᠠᠤ ᠴᠡᠬᠡᠷ ᠲᠠᠢ ᠪᠠᠶᠢᠵᠠᠢ᠃ ᠮᠤᠩᠭᠤᠯᠴᠤᠳ ᠠᠷᠭ᠎ᠠ ᠶᠢᠨ ᠳᠤᠭᠠᠯᠠᠯ ᠤᠨ ᠤᠶᠢᠷᠠᠯᠴᠠᠭ᠎ᠠ  ᠳᠤ 12 ᠵᠢᠯ ᠢ ᠭᠤᠷᠪᠠ ᠭᠤᠷᠪᠠ ᠪᠠᠷ ᠢᠪᠡᠬᠡᠯ ᠵᠢᠯ ᠬᠡᠵᠤ ᠦᠵᠡᠳᠡᠭ ᠪᠦᠬᠡᠳ ᠢᠯᠠᠩᠭᠤᠶ᠎ᠠ ᠤᠷᠤᠭ ᠳᠦᠷᠦᠯ ᠪᠠᠷᠢᠯᠳᠤᠬᠤ ᠤᠷᠤᠭ ᠤᠨ ᠬᠡᠷᠡᠭ ᠲᠤ ᠢᠪᠡᠬᠡᠯ ᠵᠢᠯ ᠢ ᠶᠡᠭᠡ ᠡᠷᠬᠢᠮᠯᠡᠨ ᠦᠵᠡᠵᠤ᠂ ᠳᠡᠳᠡᠨ ᠤ ᠴᠠᠰᠢᠳᠠ ᠶᠢᠨ ᠬᠠᠮᠳᠤ ᠶᠢᠨ ᠠᠮᠢᠳᠤᠷᠠᠯ ᠵᠢᠷᠭᠠᠯᠳᠠᠢ ᠪᠠᠶᠢᠬᠤ ᠶᠢᠨ ᠪᠡᠯᠬᠡᠳᠡᠯ ᠬᠡᠳᠡᠭ ᠠᠵᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号