ᠤᠷᠤᠭ ᠬᠤᠷᠢᠮ ᠤᠨ ᠪᠡᠯᠡᠭ ᠰᠡᠯᠲᠡ ᠶᠢᠨ ᠶᠣᠰᠤᠨ
ᠨᠡᠶᠢᠲᠡᠯᠡᠭᠰᠡᠨ ᠴᠠᠭ᠄
2019/11/8
ᠰᠦᠢ ᠪᠡᠯᠡᠭ ᠤᠨ ᠬᠠᠷᠢᠭᠤ ᠳᠤ ᠬᠤᠳᠠᠭᠤᠢ ᠶᠢᠨ ᠳᠠᠯ᠎ᠠ ᠠᠴᠠ ︽ᠢᠨᠵᠢ︾ ᠬᠡᠮᠡᠬᠦ ᠪᠡᠯᠡᠭ ᠳᠦᠬᠦᠬᠡᠷᠤᠨ ᠦᠬᠢᠨ ᠎ ᠲᠠᠢ ᠪᠠᠨ ᠬᠦᠷᠬᠡᠬᠦᠯᠳᠡᠭ ᠪᠠᠶᠢᠵᠠᠢ᠃ ᠢᠨᠵᠢ ᠪᠤᠯ ᠦᠬᠢᠨ ᠤ ᠳᠠᠯ᠎ᠠ ᠶᠢᠨ ᠬᠦᠷᠦᠩᠬᠡ ᠴᠢᠨᠡᠬᠡᠨ ᠠᠴᠠ ᠬᠠᠮᠢᠶᠠᠷᠳᠠᠭ ᠪᠠᠶᠢᠭᠰᠠᠨ ᠪᠦᠬᠡᠳ ᠢᠨᠵᠢ ᠳᠤ ᠠᠪᠠᠭᠠᠢ ᠶᠢᠨ ᠦᠰᠦ᠂ ᠬᠡᠵᠢᠬᠡᠨ ᠤ ᠪᠦᠷᠢᠨ ᠬᠡᠷᠡᠭᠰᠡᠯ᠂ ᠠᠪᠳᠠᠷ᠎ᠠ ᠰᠠᠪᠠ᠂ ᠦᠬᠡᠭ ︵ᠠᠶᠠᠭ᠎ᠠ ᠰᠢᠨᠠᠭ᠎ᠠ᠂ ᠪᠤᠳᠠᠭ᠎ᠠ ᠭᠤᠯᠢᠷ ᠬᠤᠷᠢᠶᠠᠵᠤ ᠲᠠᠯᠪᠢᠬᠤ ᠭᠡᠷ ᠤᠨ ᠬᠤᠷᠭᠤ︶ ᠪᠤᠯᠤᠨ ᠭᠠᠯ ᠳᠤᠭᠤᠭᠠᠨ ᠤ ᠡᠳ᠋᠂ ᠰᠠᠭᠠᠯᠢ ᠶᠢᠨ ᠦᠨᠢᠶ᠎ᠡ᠂ ᠬᠡᠳᠤᠨ ᠳᠤᠯᠤᠭᠠᠢ ᠪᠤᠭ ᠮᠠᠯ ᠪᠠᠭᠳᠠᠬᠤ ᠶᠢᠨ ᠬᠠᠮᠳᠤ ᠪᠦᠳᠦᠨ ᠳᠤᠨᠤᠭ ᠬᠡᠷᠡᠭᠰᠡᠯ ᠎ ᠲᠠᠢ ᠤᠨᠤᠯᠭ᠎ᠠ ᠶᠢᠨ ᠮᠤᠷᠢ ᠨᠢᠬᠡ ᠶᠢ ᠵᠠᠪᠠᠯ ᠤᠷᠤᠯᠴᠠᠭᠤᠯᠤᠨ ᠶᠠᠪᠤᠭᠤᠯᠳᠠᠭ ᠵᠠᠩᠰᠢᠯ ᠲᠠᠢ ᠪᠠᠶᠢᠵᠠᠢ᠃ ᠬᠦᠤ ᠳᠠᠯ᠎ᠠ ᠬᠦᠤ ᠳᠡᠭᠡᠨ ᠬᠡᠷ ᠳᠦᠬᠦᠬᠡᠷᠴᠦ᠂ ᠪᠦᠬᠦ ᠳᠠᠯᠪᠢᠯᠭ᠎ᠠ ᠪᠡᠯᠡᠳᠬᠡᠳᠡᠭ ᠶᠤᠰᠤᠳᠡᠢ ᠪᠠ ᠵᠠᠷᠢᠮ ᠤᠷᠤᠨ ᠨᠤᠳᠤᠭ ᠲᠤ ᠬᠡᠷ ᠤᠨ ᠳᠤᠳᠤᠭᠠᠳᠤ ᠳᠠᠯᠪᠢᠯᠭ᠎ᠠ ᠶᠢᠨ ᠪᠠᠷᠠᠭᠤᠨ ᠳᠠᠯ᠎ᠠ ᠶᠢᠨ ᠳᠠᠯᠪᠢᠯᠭ᠎ᠠ ᠵᠠᠰᠠᠯ ᠢ ᠬᠤᠳᠠ ᠶᠢᠨ ᠳᠠᠯ᠎ᠠ ᠂ ᠵᠡᠬᠦᠨ ᠳᠠᠯ᠎ᠠ ᠶᠢᠨ ᠬᠢ ᠶᠢ ᠬᠤᠳᠠᠭᠤᠢ ᠶᠢᠨ ᠬᠢᠨ ᠳᠦᠬᠦᠬᠡᠷᠳᠡᠭ ᠪᠠᠶᠢᠪᠠ᠃ ᠪᠠᠰᠠ ᠵᠠᠷᠢᠮ ᠨᠤᠲᠤᠭ ᠲᠤ ᠬᠤᠷᠢᠮ ᠎ ᠤᠨ ᠵᠠᠩ ᠦᠢᠯᠡ ᠳᠤ ᠬᠦᠤ ᠳᠠᠯ᠎ᠠ ᠬᠡᠤᠬᠡᠨ ᠤ ᠡᠴᠢᠬᠡ ᠶᠢᠨ ᠭᠠᠳᠠᠭ᠎ᠠ ᠨᠡᠬᠦᠵᠤ ᠤᠴᠢᠵᠤ ︽ᠪᠡᠷᠢ ᠪᠠᠭᠤᠯᠭᠠᠵᠤ᠂ ᠬᠦᠤ ᠪᠠᠨ ᠬᠡᠷᠯᠡᠬᠦᠯᠬᠦ︾᠂ ︽ᠪᠡᠷᠢ ᠮᠤᠷᠳᠠᠭᠤᠯᠵᠤ ᠢᠷᠡᠵᠤ ᠬᠦᠤ ᠪᠠᠨ ᠬᠡᠷᠯᠡᠬᠦᠯᠬᠦ︾ ᠬᠡᠳᠡᠭ ᠶᠤᠰᠤ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号