| ᠬᠠᠳᠠᠮ ᠡᠴᠢᠬᠡ᠂ ᠪᠡᠷᠢ ᠬᠤᠶᠠᠷ ᠤᠨ ᠬᠤᠭᠤᠷᠤᠨᠳᠤ ᠨᠠᠷᠢᠨ ᠴᠢᠩᠳᠠ ᠰᠠᠬᠢᠳᠠᠭ ᠤᠯᠠᠨ ᠬᠤᠷᠢᠭ᠎ᠠ ᠴᠡᠬᠡᠷ᠂ ᠪᠠᠶ᠎ᠠ | ᠪᠠᠶᠡᠰ ᠢᠶᠠᠨ ᠬᠦᠳᠤᠯᠡᠭᠰᠡᠨ ᠵᠠᠩᠰᠢᠯ ᠤᠯᠠᠮᠵᠢᠯᠠᠭᠳᠠᠵᠤ ᠪᠠᠶᠢᠵᠠᠢ᠃ ᠪᠡᠷᠢ᠂ ᠬᠠᠳᠠᠮ ᠡᠴᠢᠬᠡ ᠶᠢᠨ ᠳᠤ ᠠᠩᠬ᠎ᠠ | ᠤᠷᠤᠬᠤ ᠳᠠᠭᠠᠨ ᠪᠤᠷᠬᠠᠨ ᠰᠢᠳᠦᠬᠡᠨ᠂ ᠭᠠᠯ ᠭᠤᠯᠤᠮᠳᠠ ᠳᠤ ᠨᠢ ᠮᠦᠷᠬᠦᠬᠦ ᠠᠴᠠ ᠭᠠᠳᠠᠨ᠎ᠠ ᠬᠠᠳᠠᠮ ᠡᠴᠢᠬᠡ᠂ ᠡᠬᠡ᠂ | ᠠᠬ᠎ᠠ ᠡᠬᠡᠴᠢ ᠨᠠᠷ ᠲᠤ ᠮᠦᠷᠬᠦᠳᠡᠭ ᠶᠤᠰᠤ ᠲᠠᠢ᠃ ᠮᠦᠷᠬᠦᠬᠦ ᠶᠤᠰᠤᠯᠠᠯ ᠳᠠᠭᠤᠰᠤᠭᠰᠠᠨ ᠢᠶᠠᠷ ᠪᠡᠷᠢ ᠬᠠᠳᠠᠮ ᠤᠨ | ᠬᠡᠷ ᠪᠦᠯᠢ ᠶᠢᠨ ᠪᠦᠷᠢᠨ ᠡᠷᠬᠡᠳᠤ ᠬᠡᠰᠢᠬᠦᠨ ᠪᠤᠯᠳᠠᠭ᠃ ᠡᠨᠡ ᠶᠤᠰᠤᠯᠠᠯ ᠨᠢ ᠡᠷᠳᠡᠨ ᠤ ᠡᠬᠦᠰᠦᠯ ᠲᠠᠢ ᠪᠦᠬᠡᠳ | ᠤᠪᠤᠭ ᠤᠨ ᠪᠠᠶᠢᠭᠤᠯᠤᠯ ᠤᠨ ᠦᠶ᠎ᠡ ᠶᠢᠨ ᠳᠦᠰᠦᠬᠡᠯᠡᠯ ᠶᠤᠰᠤᠭᠠᠷ ᠬᠠᠷᠢ ᠤᠪᠤᠭ ᠤᠨ ᠬᠦᠮᠦᠨ ᠢ ᠦᠪᠡᠷ ᠤᠨ | ᠤᠪᠤᠭ ᠲᠠᠭᠠᠨ ᠡᠯᠰᠡᠬᠦᠯᠦᠨ ᠠᠪᠴᠤ ᠪᠤᠢ ᠶᠢᠨ ᠤᠴᠢᠷ ᠤᠳᠬ᠎ᠠ ᠶᠢ ᠢᠯᠡᠷᠬᠡᠶᠢᠯᠡᠵᠤ ᠪᠠᠶᠢᠵᠠᠢ᠃ ᠳᠡᠬᠡᠵᠤ ᠮᠦᠷᠬᠦᠬᠦ | ᠵᠠᠩ ᠦᠢᠯᠡᠳᠦᠭᠰᠡᠨ ᠪᠠᠷᠢ ᠶᠢ ᠬᠠᠳᠠᠮ ︽ᠳᠠᠷᠬᠠᠨ ᠪᠠᠷᠢ︾ ᠪᠤᠯᠤᠯ᠎ᠠ ᠬᠡᠵᠤ ᠬᠡᠯᠡᠪᠡᠯ ᠪᠠᠷᠢ ᠬᠤᠵᠢᠮ ᠬᠠᠳᠠᠮ ᠡᠴᠢᠬᠡ | ᠂ ᠡᠬᠡ᠂ ᠠᠬ᠎ᠠ᠂ ᠡᠬᠡᠴᠢ ᠨᠠᠷ ᠲᠠᠢ ᠵᠤᠯᠭᠠᠬᠤ ᠳᠠᠭᠠᠨ ᠮᠦᠷᠬᠦᠳᠡᠭ ᠦᠬᠡᠢ᠂ ᠬᠠᠷᠢᠨ ᠳᠡᠳᠡᠨ ᠢ ᠤᠷᠤᠵᠤ ᠢᠷᠡᠬᠦ ᠳᠤ | ᠪᠤᠰᠴᠤ ᠬᠦᠨᠳᠤᠳᠬᠡᠳᠡᠭ ᠪᠦᠬᠡᠳ ᠳᠡᠷᠬᠡᠳᠡ ᠨᠢ ᠵᠠᠪᠠᠯ ᠤᠭᠤᠵᠢ ᠡᠮᠤᠰᠴᠤ᠂ ᠳᠤᠯᠤᠭᠠᠢ ᠶᠢᠨ ᠪᠦᠷᠢᠨ ᠬᠡᠷᠡᠭᠯᠡᠯ᠂ | ᠭᠤᠶᠤᠯ ᠢᠶᠠᠨ ᠵᠡᠬᠦᠭᠰᠡᠨ ᠪᠠᠶᠢᠳᠠᠭ ᠶᠤᠰᠤ ᠲᠠᠢ ᠠᠵᠢ᠃ | ᠮᠦᠨ ᠪᠡᠷᠢ ᠬᠠᠳᠠᠮ ᠡᠴᠢᠬᠡ᠂ ᠡᠬᠡ ᠨᠠᠷ ᠤᠨ ᠳᠡᠷᠬᠡᠳᠡ ᠵᠠᠷᠬᠡᠴᠠᠨ ᠰᠠᠭᠤᠬᠤ ᠦᠬᠡᠢ᠂ ᠡᠯᠳᠡᠪ ᠵᠤᠬᠢᠰ ᠦᠬᠡᠢ | ᠦᠬᠡᠰ᠂ ᠬᠠᠷᠢᠶᠠᠯ ᠬᠡᠯᠡᠬᠦ ᠦᠬᠡᠢ᠂ ᠬᠡᠷᠪᠡ ᠬᠠᠳᠠᠮ ᠡᠴᠢᠬᠡ ᠪᠠᠨ ᠳᠠᠮᠠᠬᠢᠯᠠᠬᠤ ᠪᠤᠯᠪᠠᠯ ᠬᠦᠮᠦᠨ ᠢᠶᠠᠷ ︵ᠪᠡᠷᠭᠡᠨ ᠢᠶᠠᠷ | ︶ ᠳᠠᠮᠵᠢᠭᠤᠯᠤᠨ ᠳᠠᠮᠠᠬᠢᠯᠠᠬᠤ᠂ ᠬᠠᠳᠠᠮ ᠢ ᠭᠠᠳᠠᠭ᠎ᠠ ᠶᠠᠪᠤᠬᠤ ᠦᠶ᠎ᠡ ᠳᠤ ᠮᠤᠷᠢ ᠦᠵᠡᠬᠦ ︵ᠪᠠᠶ᠎ᠠ ᠵᠠᠰᠠᠬᠤ︶ ᠵᠡᠷᠬᠡ | ᠴᠡᠬᠡᠷᠯᠡᠯ ᠲᠠᠢ ᠶᠢᠨ ᠵᠡᠷᠬᠡᠴᠡᠭᠡ ᠬᠠᠳᠠᠮ ᠤᠳ ᠪᠠᠷᠢ ᠶᠢᠨ ᠤᠯᠠᠮᠵᠢᠯᠠᠨ ᠰᠠᠬᠢᠵᠤ ᠢᠷᠡᠭᠰᠡᠨ ᠶᠤᠰᠤ ᠶᠢ ᠪᠠᠷᠢᠮᠳᠠᠯᠠᠨ | ᠪᠠᠷᠢ ᠲᠠᠢ ᠪᠠᠨ ᠮᠦᠨ ᠬᠦᠨᠳᠤᠳᠬᠡᠭᠰᠡᠨ ᠪᠠᠶᠢᠳᠠᠯ ᠢᠶᠠᠷ ᠬᠠᠷᠢᠯᠴᠠᠳᠠᠭ ᠠᠵᠢ᠃ ᠬᠠᠳᠠᠮ ᠡᠴᠢᠬᠡ᠂ ᠡᠬᠡ ᠪᠡᠷᠢ ᠶᠢᠨ | ᠰᠡᠳᠬᠢᠯ ᠳᠤ ︽ᠰᠡᠪ ᠰᠠᠭᠤᠨ᠎ᠠ︾᠂ ︽ᠪᠡᠷᠢ ᠶᠢ ᠵᠤᠪᠠᠭᠠᠨ᠎ᠠ︾ ᠬᠡᠵᠤ ᠠᠵᠢᠯ ᠳᠦᠷᠦᠯ ᠬᠢᠵᠤ ᠪᠠᠶᠢᠬᠤ | ᠦᠶᠡᠰ ᠲᠤ᠂ ᠦᠰᠤ ᠬᠡᠵᠢᠬᠡ ᠪᠠᠨ ᠶᠠᠩᠵᠤᠯᠠᠵᠤ ᠪᠠᠶᠢᠬᠤ ᠦᠶᠡᠰ ᠲᠤ ᠰᠠᠭᠠᠳ ᠪᠤᠯᠬᠤ ᠦᠬᠡᠢ ᠶᠢ ᠬᠢᠴᠢᠶᠡᠳᠡᠭ | ᠪᠠᠶᠢᠭᠰᠠᠨ ᠪᠦᠬᠡᠳ ᠶᠡᠷᠤ ᠨᠢ ᠬᠠᠳᠠᠮ ᠡᠴᠢᠬᠡ ᠬᠦᠤ ᠶᠢᠨ ᠬᠡᠷ ᠢᠶᠠᠷ ᠴᠦᠬᠡᠨ ᠤᠷᠤᠳᠠᠭ ᠵᠠᠩᠰᠢᠯ ᠲᠠᠢ ᠪᠠᠶᠢᠵᠠᠢ᠃ | ᠬᠠᠳᠠᠮ ᠡᠴᠢᠬᠡ ᠶᠢᠨ ᠬᠢ ᠲᠠᠢ ᠨᠢᠭᠡ ᠬᠤᠳᠠ ᠳᠤ ᠠᠮᠢᠳᠤᠷᠠᠳᠠᠭ ᠪᠤᠯ ᠪᠡᠷᠢ ᠦᠷᠯᠦᠬᠡ ᠡᠷᠳᠡᠯᠡᠨ ᠪᠤᠰᠴᠤ | ᠬᠠᠳᠠᠮ ᠤᠨ ᠡᠷᠦᠬᠡ ᠶᠢ ᠳᠠᠳᠠᠵᠤ ᠴᠠᠢ ᠶᠢ ᠨᠢ ᠴᠢᠨᠠᠵᠤ ᠦᠭᠳᠡᠭ ᠪᠠ ᠬᠠᠳᠠᠮ ᠤᠨ ᠬᠡᠷ ᠤᠨ ᠪᠠᠷᠠᠭᠤᠨ ᠳᠠᠯ᠎ᠠ ᠪᠠᠷ | ᠡᠷᠬᠢᠬᠦ᠂ ᠳᠤᠭᠤᠷᠢᠵᠤ ᠶᠠᠪᠤᠬᠤ ᠶᠢ ᠡᠷᠡᠰ ᠴᠡᠬᠡᠷᠯᠡᠨ ᠬᠤᠷᠢᠭᠯᠠᠳᠠᠭ ᠪᠠᠶᠢᠵᠠᠢ᠃ ᠡᠨᠡ ᠪᠤᠯ ᠮᠦᠨᠬᠦ | ᠮᠤᠩᠭᠤᠯᠴᠤᠳ ᠤᠨ ᠪᠠᠷᠠᠭᠤᠨ ᠳᠠᠯ᠎ᠠ ᠶᠢ ᠳᠡᠬᠡᠳᠦᠯᠡᠬᠦ ᠶᠤᠰᠤ ᠲᠠᠢ ᠬᠤᠯᠪᠤᠭ᠎ᠠ ᠲᠠᠢ ᠠᠵᠢ᠃ | ᠬᠠᠳᠠᠮ᠂ ᠪᠠᠷᠢ ᠶᠢᠨ ᠬᠤᠭᠤᠷᠤᠨᠳᠤ ᠶᠢᠨ ᠬᠠᠷᠢᠯᠴᠠᠭᠠᠨ ᠳᠤ ᠨᠡᠶᠢᠳᠡᠯᠢᠭ ᠬᠡᠪᠰᠢᠯ ᠪᠤᠯᠤᠭᠰᠠᠨ ᠦᠬᠡᠷ᠎ᠡ ᠨᠢᠬᠡᠨ ᠶᠤᠰᠤ | ᠬᠡᠪᠡᠯ ᠪᠡᠷᠢ᠂ ᠬᠠᠳᠠᠮ ᠡᠴᠢᠬᠡ᠂ ᠡᠬᠡ᠂ ᠠᠬ᠎ᠠ ᠨᠡᠷ ᠤᠨ ᠨᠡᠷ᠎ᠡ ᠶᠢ ᠴᠡᠬᠡᠷᠯᠡᠵᠤ᠂ ᠪᠦᠬᠦ ᠬᠡᠤᠬᠡᠳ ᠤᠳ ᠤᠨ ᠠᠳᠠᠯᠢ | ᠠᠪᠤᠭᠠᠶᠢᠯᠠᠨ ︵ᠠᠪᠠᠭᠠᠶᠢᠯᠠᠨ︶ ᠨᠡᠷᠡᠯᠡᠳᠡᠭ ᠶᠤᠰᠤ ᠶᠤᠮ᠃ ᠬᠠᠳᠠᠮ ᠡᠴᠢᠬᠡ ᠨᠢ ︽ᠢᠷᠤᠬᠡᠯᠳᠤ︾ ᠬᠡᠳᠡᠭ ᠨᠡᠷ᠎ᠡ | ᠲᠠᠢ ᠪᠤᠯ ᠢᠷᠦᠬᠡᠯ ᠬᠡᠳᠡᠭ ᠦᠬᠡ ᠶᠢ ᠬᠡᠵᠢᠶ᠎ᠡ ᠴᠤ ᠬᠡᠯᠡᠬᠦ ᠦᠬᠡᠢ ᠪᠠᠶᠢᠬᠤ᠃ ᠬᠠᠳᠠᠮ ᠡᠬᠡ ︽ᠠᠯᠠᠭ ᠡ︾ ᠬᠡᠳᠡᠭ | ᠨᠠᠷᠠ ᠲᠠᠢ ᠪᠠᠶᠢᠯ᠎ᠠ ᠬᠡᠬᠦ ᠳᠤ ᠳᠡᠬᠦᠨ ᠤ ᠨᠠᠷᠠ ᠪᠠᠷ ᠨᠡᠷᠡᠯᠡᠬᠦ ᠦᠬᠡᠢ ᠠᠯᠠᠭ ᠬᠡᠳᠡᠭ ᠦᠬᠡ ᠶᠢ ᠴᠡᠬᠡᠷᠯᠡᠵᠤ ᠴᠤᠬᠤᠷ | ᠬᠡᠵᠤ ᠨᠠᠷᠡᠯᠡᠬᠦ ᠵᠢᠱᠢᠶ᠎ᠠ ᠲᠠᠢ᠃ | ᠪᠠᠷᠢ᠂ ᠬᠠᠳᠠᠮ ᠡᠴᠢᠬᠡ ᠶᠢᠨ ᠳᠤ ᠤᠷᠤᠭᠠᠳ ︽ᠰᠠᠭᠤ︕︾ ᠬᠡᠬᠦ ᠠᠴᠠ ᠡᠮᠤᠨ᠎ᠡ ᠳᠤᠷ᠎ᠠ ᠮᠡᠳᠡᠨ ᠰᠠᠭᠤᠬᠤ | ᠦᠬᠡᠢ᠂ ︽ᠬᠦᠤ ᠮᠢᠨᠢ ᠰᠠᠭᠤ︕︾ ᠬᠡᠬᠦ ᠪᠠᠷ ᠨᠢ ᠬᠡᠷ ᠤᠨ ᠵᠡᠬᠦᠨ ᠳᠠᠯ᠎ᠠ ᠳᠤ᠂ ᠬᠠᠳᠠᠮ ᠡᠬᠡ ᠶᠢᠨ ᠳᠤᠤᠷᠠᠳᠤ | ᠳᠠᠯ᠎ᠠ ᠳᠤ ᠰᠠᠭᠤᠳᠠᠭ ᠶᠤᠰᠤ ᠲᠠᠢ ᠠᠵᠢ᠃ | ᠬᠠᠳᠠᠮ ᠳᠤ ᠤᠴᠢᠭᠰᠠᠨ ᠬᠦᠤ ᠬᠦᠮᠦᠨ ᠭᠤᠷᠪᠠᠨ ᠵᠢᠯ ᠪᠤᠯᠳᠠᠯ᠎ᠠ ᠦᠪᠡᠷ ᠤᠨ ᠡᠴᠢᠬᠡ ᠶᠢᠨ ᠬᠡᠷ ᠲᠤ ᠤᠴᠢᠬᠤ | ᠶᠤᠰᠤ ᠪᠠᠶᠢᠭᠰᠠᠨ ᠦᠬᠡᠢ᠃ ᠬᠠᠳᠠᠮ ᠳᠤ ᠤᠴᠢᠭᠰᠠᠨ ᠪᠡᠷᠢ ᠶᠢᠨ ᠡᠷᠬᠡ ᠮᠡᠳᠡᠯ ᠳᠤᠬᠠᠢ ᠶᠢᠨ ᠬᠡᠷ ᠪᠦᠯᠢ᠂ ᠠᠵᠤ | ᠪᠠᠶᠢᠳᠠᠯ ᠳᠤ ᠦᠷ᠎ᠡ ᠬᠡᠤᠬᠡᠳ ᠳᠦᠷᠦᠬᠦᠯᠦᠭᠰᠡᠨ ᠤ ᠬᠤᠶᠢᠨ᠎ᠠ ᠨᠡᠯᠢᠶᠡᠳ ᠪᠠᠳᠤᠵᠢᠵᠤ᠂ ᠨᠠᠮᠡᠭᠳᠡᠳᠡᠭ ᠪᠠᠶᠢᠵᠠᠢ᠃ | ᠵᠢᠱᠢᠶᠠᠯᠡᠪᠡᠯ᠂ ᠵᠠᠷᠢᠮ ᠨᠤᠳᠤᠭ ᠢᠶᠠᠷ ᠰᠢᠨ᠎ᠡ ᠪᠠᠷᠢ ᠦᠷᠯᠦᠬᠡ ᠪᠦᠷᠢ ᠳᠡᠷᠡ ᠡᠳᠤᠷ ᠴᠢᠨᠠᠬᠤ ᠬᠠᠭᠤᠷᠠᠢ ᠴᠠᠢ | ᠬᠠᠳᠠᠮ ᠤᠨ ᠬᠢ ᠠᠴᠠ ᠠᠪᠬᠤ ᠪᠦᠭᠡᠳ ᠲᠡᠶᠢᠨᠬᠦ ᠴᠠᠢ ᠭᠤᠶᠤᠬᠤ ᠳᠠᠭᠠᠨ ᠤᠭᠤᠷ ᠢᠶᠠᠨ ᠬᠤᠳᠠᠨ ᠳᠤᠳᠤᠷ᠎ᠠ | ᠳᠠᠯᠪᠢᠴᠢᠬᠠᠭᠠᠳ ᠬᠠᠳᠠᠮ ᠡᠬᠡ ᠶᠢ ᠴᠠᠢ ᠬᠢᠭᠰᠡᠨ ᠬᠤᠶᠢᠨ᠎ᠠ ᠨᠢ ᠠᠪᠳᠠᠭ ᠶᠤᠰᠤ ᠴᠤ ᠪᠠᠶᠢᠭᠰᠠᠨ ᠪᠠᠶᠢᠨ᠎ᠠ᠃ ᠬᠠᠷᠢᠨ | ᠦᠷ᠎ᠡ ᠬᠡᠤᠬᠡᠳ ᠳᠦᠷᠦᠬᠦᠯᠵᠤ ᠪᠠᠶᠢᠵᠤ ᠬᠡᠷ ᠪᠦᠯᠢ — ᠠᠵᠤ ᠠᠬᠤᠢ ᠳᠤ ᠵᠤᠬᠢᠬᠤ ᠮᠡᠳᠡᠯ ᠲᠠᠢ ᠪᠤᠯᠵᠤ | ᠤᠯᠠᠮ ᠢᠶᠠᠷ ᠬᠡᠷ ᠠᠬᠤᠢ ᠪᠠᠨ ᠪᠠᠶᠠᠴᠢᠯᠡᠨ ᠬᠦᠳᠦᠯᠬᠦ ᠪᠤᠯᠳᠠᠭ᠃ ᠤᠯᠠᠨ ᠬᠡᠤᠬᠡᠳ ᠲᠠᠢ ᠡᠮᠡᠭᠳᠡᠢ ᠬᠡᠷ ᠤᠨ ᠳᠤᠳᠤᠷ᠎ᠠ | ᠳᠡᠳᠦᠢ ᠦᠬᠡᠢ᠂ ᠠᠶᠢᠯ ᠰᠠᠭᠠᠬᠠᠯᠳᠠ ᠨᠤᠳᠤᠭ ᠤᠰᠤᠨ ᠳᠠᠭᠠᠨ ᠬᠦᠨᠳᠤᠳᠡᠢ ᠪᠠᠶᠢᠬᠤ ᠶᠢᠨ ᠬᠠᠮᠳᠤ ᠦᠷ᠎ᠡ | ᠬᠡᠤᠬᠡᠳ ᠤᠳ ᠨᠢ ᠬᠦᠨᠳᠤᠯᠡᠵᠤ᠂ ᠠᠰᠠᠷᠠᠵᠤ ᠶᠠᠪᠤᠳᠠᠭ ᠤᠯᠠᠮᠵᠢᠯᠠᠯ ᠠᠷᠣ ᠬᠠᠯᠬ᠎ᠠ ᠳᠠᠶᠠᠭᠠᠷ ᠨᠡᠶᠢᠳᠡᠯᠢᠭ ᠪᠠᠶᠢᠵᠠᠢ᠃ | |