ᠬᠠᠷᠠᠩᠭᠤᠢ ᠰᠥᠨᠢ ᠵᠤᠯᠠ ᠬᠡᠷᠡᠭ ᠲᠠᠢ | ᠬᠠᠷᠠᠮᠴᠢ ᠮᠤᠩᠬᠠᠭ ᠲᠤ ᠪᠤᠶᠠᠨ ᠬᠡᠷᠡᠭ ᠲᠠᠢ | | | ᠵᠠᠩ ᠢᠶᠠᠨ ᠠᠯᠳᠠᠪᠠᠯ ᠵᠤᠪᠠᠭ᠋ᠤ | ᠵᠠᠮ ᠢᠶᠠᠨ ᠠᠯᠳᠠᠪᠠᠯ ᠲᠥᠭᠡᠷᠢᠬᠦ | | | ᠬᠥᠮᠥᠨ ᠬᠥᠮᠥᠨ ᠤ ᠵᠠᠩ ᠠᠰᠳᠠᠭᠠᠨ | ᠬᠥᠯᠥᠭ ᠮᠤᠷᠢᠨ ᠤ ᠲᠡᠪᠬᠢᠶᠡ ᠠᠰᠳᠠᠭᠠᠨ | | | ᠨᠤᠮ ᠤᠩᠰᠢᠬᠤ ᠦᠭᠡᠢ ᠪᠤᠯ ᠤᠬᠠᠭᠠᠨ ᠠᠳᠠᠷᠰᠢᠨ᠎ᠠ | ᠨᠤᠭᠤᠭ᠎ᠠ ᠤᠷᠭᠤᠬᠤ ᠦᠭᠡᠢ ᠪᠤᠯ ᠬᠥᠷᠤᠰᠤ ᠠᠳᠠᠷᠰᠢᠨ᠎ᠠ | | | ᠬᠥᠯᠥᠭ ᠤᠨ ᠠᠳᠠᠭ ᠬᠠᠱᠠᠩ | ᠬᠥᠮᠥᠨ ᠤ ᠠᠳᠠᠭ ᠵᠠᠯᠬᠠᠭᠤ | | | ᠡᠪᠡᠷ ᠰᠢᠭᠠᠪᠠᠯ ᠥᠭᠡᠷ ᠠᠳᠠᠯᠢ | ᠰᠡᠬᠦᠯ ᠰᠢᠭᠠᠪᠠᠯ ᠡᠯᠵᠢᠭᠡ ᠠᠳᠠᠯᠢ | | | ᠤᠨᠠᠬᠰᠠᠨ ᠰᠢᠷᠤᠢ ᠠᠯᠳᠠ ᠠᠳᠠᠯᠢ | ᠤᠤᠭᠤᠬᠰᠠᠨ ᠤᠰᠤ ᠷᠠᠰᠢᠶᠠᠨ ᠠᠳᠠᠯᠢ | | | ᠲᠤᠰᠠ ᠲᠠᠢ ᠬᠥᠮᠥᠨ ᠤᠰᠤ ᠠᠳᠠᠯᠢ | ᠲᠤᠰᠠ ᠦᠭᠡᠢ ᠬᠥᠮᠥᠨ ᠮᠤᠳᠤ ᠠᠳᠠᠯᠢ | | | ᠠᠷᠰᠯᠠᠨ ᠠᠳᠠᠯᠢ ᠠᠷᠬᠢᠷᠠᠭᠠᠳ | ᠵᠤᠷᠠᠮ᠎ᠠ ᠠᠳᠠᠯᠢ ᠵᠢᠭᠤᠳᠠᠬᠤ | | | ᠠᠶᠤᠮᠠᠳᠠᠭᠠᠢ ᠬᠥᠮᠥᠨ ᠠᠷᠪᠠ ᠥᠬᠦᠬᠦ | ᠠᠶᠤᠳᠠᠭ ᠦᠭᠡᠢ ᠬᠥᠮᠥᠨ ᠨᠢᠭᠡ ᠥᠬᠦᠬᠦ | | | | | ᠠᠪᠬᠤ ᠬᠥᠮᠥᠨ ᠤ ᠠᠭᠠᠯᠢ ᠨᠢ ᠠᠷᠪᠢᠨ | ᠠᠷᠳᠠᠭ ᠬᠥᠮᠥᠨ ᠤ ᠬᠠᠷᠢᠶᠠᠯ ᠨᠢ ᠠᠷᠪᠢᠨ | | | ᠠᠵᠢᠯᠰᠠᠭ ᠬᠥᠮᠥᠨ ᠤ ᠬᠥᠯᠥᠰᠤ ᠨᠢ ᠠᠷᠪᠢᠨ | ᠠᠯᠵᠠᠭᠤ ᠬᠥᠮᠥᠨ ᠤ ᠰᠢᠯᠤᠰᠤ ᠨᠢ ᠠᠷᠪᠢᠨ | | | ᠤᠰᠤ ᠢᠷᠡᠬᠦ ᠠᠴᠠ ᠡᠮᠤᠨ᠎ᠡ ᠰᠤᠪᠠᠭ ᠢᠶᠠᠨ | ᠤᠴᠢᠷ ᠢᠷᠡᠬᠦ ᠠᠴᠠ ᠡᠮᠤᠨ᠎ᠡ ᠵᠠᠮ ᠢᠶᠠᠨ | | | ᠬᠡᠷᠡᠭ ᠢ ᠭᠠᠷᠬᠤ ᠠᠴᠠ ᠡᠮᠤᠨ᠎ᠡ ᠬᠡᠷᠰᠡᠤᠯᠡ | ᠬᠡᠷᠡᠮ ᠢ ᠨᠤᠷᠠᠬᠤ ᠠᠴᠠ ᠡᠮᠤᠨ᠎ᠡ ᠵᠠᠰᠠ | | | ᠤᠯᠵᠠ ᠶᠢᠨ ᠡᠰᠡᠷᠬᠦ ᠭᠠᠷᠤᠵᠠ ᠪᠠᠶᠢᠳᠠᠭ | ᠤᠰᠤᠯ ᠤᠨ ᠡᠰᠡᠷᠬᠦ ᠵᠥᠪ ᠪᠠᠶᠢᠳᠠᠭ | | | ᠵᠥᠢᠷ ᠥᠭᠡ ᠴᠡᠭᠡᠵᠢᠨ ᠠᠴᠠ | ᠵᠥᠢᠯ ᠤᠨ ᠴᠡᠴᠡᠭ ᠵᠥᠯᠭᠡᠨ ᠠᠴᠠ | | | ᠪᠤᠯᠤᠬᠰᠠᠨ ᠠᠴᠠ ᠠᠮᠠ ᠬᠥᠷᠭᠡᠬᠦ | ᠪᠤᠭᠤᠷᠤᠯ ᠠᠴᠠ ᠥᠭᠡ ᠲᠤᠭᠤᠯᠬᠤ | | | ᠭᠤᠤᠯ ᠭᠠᠳᠤᠯᠬᠤ ᠬᠥᠮᠥᠨ ᠤᠯᠤᠮ ᠢ ᠡᠷᠢ | ᠭᠤᠤᠯᠴᠢ ᠪᠠᠷ ᠬᠡᠯᠡᠬᠦ ᠬᠥᠮᠥᠨ ᠶᠤᠰᠤ ᠶᠢ ᠡᠷᠢ | | | ᠵᠤᠳ ᠤᠨ ᠮᠠᠯ ᠢ ᠤᠷᠤᠭᠤ ᠡᠷᠢ | ᠵᠤᠨ ᠤ ᠮᠠᠯ ᠢ ᠥᠭᠡᠳᠡ ᠡᠷᠢ | | | ᠮᠡᠷᠭᠡᠨ ᠬᠥᠮᠥᠨ ᠳᠤ ᠮᠡᠳᠡᠯᠭᠡ ᠡᠷᠬᠢᠮ | ᠮᠤᠩᠬᠠᠭ ᠬᠥᠮᠥᠨ ᠳᠤ ᠡᠳ᠋ ᠡᠷᠬᠢᠮ | | | | | ᠮᠤᠳᠤ ᠰᠠᠭᠤᠯᠭᠠᠬᠤ ᠳᠤ ᠬᠥᠷᠤᠰᠤ ᠡᠷᠬᠢᠮ | ᠮᠡᠳᠡᠯᠭᠡ ᠰᠤᠷᠬᠤ ᠳᠤ ᠴᠠᠭ ᠡᠷᠬᠢᠮ | | | ᠬᠡᠷᠡᠬᠦᠯᠴᠢ ᠬᠥᠮᠥᠨ ᠨᠢᠳᠤᠷᠭ᠎ᠠ ᠪᠠᠨ ᠡᠷᠬᠦᠬᠦ | ᠬᠡᠰᠤᠬᠦᠯᠴᠢ ᠨᠤᠬᠠᠢ ᠰᠡᠬᠦᠯ ᠢᠶᠠᠨ ᠡᠷᠬᠦᠬᠦ | | | ᠠᠶᠠᠨ ᠵᠠᠮ ᠳᠤ ᠠᠬᠳᠠ ᠡᠷᠳᠡᠨᠢ | ᠠᠮᠢᠳᠤᠷᠠᠯ ᠤᠨ ᠵᠠᠮ ᠳᠤ ᠮᠡᠳᠡᠯᠭᠡ ᠡᠷᠳᠡᠨᠢ | | | ᠡᠷ᠎ᠡ ᠬᠥᠮᠥᠨ ᠢ ᠢᠳᠡᠭᠡᠬᠦ ᠪᠠᠷ ᠢᠶᠠᠨ | ᠡᠷᠡᠭᠡᠢ ᠬᠤᠷᠤᠭᠤ ᠪᠠᠨ ᠢᠳᠡᠭᠡ | | | ᠬᠢᠳᠤᠭ᠎ᠠ ᠪᠢᠯᠡᠬᠦᠳᠡᠭᠰᠡᠨ ᠬᠥᠮᠥᠨ ᠮᠢᠬ᠎ᠠ ᠢᠳᠡᠬᠦ | ᠬᠡᠯᠡ ᠪᠢᠯᠡᠬᠦᠳᠡᠭᠰᠡᠨ ᠬᠥᠮᠥᠨ ᠲᠠᠰᠢᠭᠤᠷ ᠢᠳᠡᠬᠦ | | | ᠰᠠᠶᠢᠪᠤᠷ ᠮᠤᠷᠢᠨ ᠳᠤ ᠵᠠᠮ ᠥᠢᠷ᠎ᠠ | ᠰᠠᠶᠢᠨ ᠬᠥᠮᠥᠨ ᠳᠤ ᠨᠥᠬᠦᠷ ᠥᠢᠷ᠎ᠠ | | | ᠰᠡᠬᠦᠯ ᠠᠴᠠ ᠪᠠᠨ ᠤᠨᠳᠤᠤ ᠬᠠᠨᠢ ᠦᠭᠡᠢ | ᠰᠡᠬᠦᠳᠡᠷ ᠠᠴᠠ ᠪᠠᠨ ᠤᠨᠳᠤᠤ ᠬᠠᠨᠢ ᠦᠭᠡᠢ | | | ᠠᠮᠢᠳᠤ ᠬᠥᠮᠥᠨ ᠳᠤ ᠠᠷᠭ᠎ᠠ ᠤᠯᠠᠨ | ᠠᠷᠭᠠᠯ ᠤᠨ ᠭᠠᠯ ᠳᠤ ᠥᠨᠡᠰᠤ ᠤᠯᠠᠨ | | | ᠠᠰᠬᠠᠨ ᠮᠤᠳᠤᠨ ᠳᠤ ᠬᠡᠷᠡᠭᠴᠡᠭᠡ ᠤᠯᠠᠨ | ᠠᠰᠪᠤᠷᠢ ᠬᠥᠮᠥᠨ ᠳᠤ ᠨᠥᠬᠦᠷ ᠤᠯᠠᠨ | | | ᠡᠪᠡᠳᠴᠢᠨ ᠲᠠᠢ ᠬᠥᠮᠥᠨ ᠤ ᠶᠤᠤᠯᠠᠬᠤ ᠨᠢ ᠤᠯᠠᠨ | ᠡᠷᠭᠡ ᠲᠠᠢ ᠬᠡᠤᠬᠡᠳ ᠤᠨ ᠤᠬᠢᠯᠠᠬᠤ ᠨᠢ ᠤᠯᠠᠨ | | | | | ᠨᠤᠮᠢᠨ ᠤᠰᠤᠨ ᠳᠤ ᠨᠤᠭᠤᠰᠤ ᠤᠯᠠᠨ | ᠨᠤᠮ ᠤᠨ ᠬᠡᠷ ᠲᠤ ᠡᠷᠳᠡᠮᠳᠡᠨ ᠤᠯᠠᠨ | | | ᠮᠠᠭᠤ ᠬᠥᠮᠥᠨ ᠤ ᠥᠭᠡ ᠨᠢ ᠤᠯᠠᠨ | ᠮᠤᠰᠢᠭᠠᠢ ᠮᠤᠳᠤᠨ ᠤ ᠬᠡᠰᠢᠬᠦᠤ ᠨᠢ ᠤᠯᠠᠨ | | | ᠬᠠᠷ᠎ᠠ ᠤᠰᠤᠨ ᠠᠴᠠ ᠲᠤᠰᠤ ᠤᠯᠬᠤ ᠦᠭᠡᠢ | ᠬᠤᠪᠢᠨᠴᠢᠷ ᠬᠥᠮᠥᠨ ᠠᠴᠠ ᠲᠤᠰᠠ ᠤᠯᠬᠤ ᠦᠭᠡᠢ | | | ᠲᠡᠭᠡᠷᠡᠬᠢ ᠨᠢ ᠰᠠᠭᠤᠳᠠᠯ ᠢᠶᠠᠨ ᠤᠯᠬᠤ ᠦᠭᠡᠢ ᠪᠤᠯ | ᠲᠤᠤᠷᠠᠬᠢ ᠨᠢ ᠬᠥᠶᠥᠳᠡᠯ ᠢᠶᠠᠨ ᠤᠯᠬᠤ ᠦᠭᠡᠢ | | | ᠤᠳᠤᠮ ᠤᠨ ᠰᠠᠶᠢᠨ ᠢᠶᠠᠷ ᠠᠯᠳᠠᠷᠰᠢᠳᠠᠭ | ᠤᠬᠠᠭᠠᠨ ᠤ ᠰᠠᠶᠢᠨ ᠢᠶᠠᠷ ᠮᠡᠷᠭᠡᠰᠢᠳᠡᠭ | | | ᠬᠡᠯᠡ ᠳᠤ ᠤᠷᠤᠵᠤ ᠥᠭᠡ ᠬᠡᠯᠡᠳᠡᠭ | ᠬᠥᠯ ᠳᠤ ᠤᠷᠤᠵᠤ ᠭᠠᠵᠠᠷ ᠬᠢᠰᠬᠢᠳᠡᠭ | | | ᠬᠥᠮᠥᠨ ᠤ ᠲᠤᠳᠤᠷ᠎ᠠ ᠬᠥᠮᠥᠨ ᠤᠷᠤᠬᠤ ᠦᠭᠡᠢ | ᠴᠢᠯᠠᠭᠤᠨ ᠤ ᠲᠤᠳᠤᠷ᠎ᠠ ᠤᠰᠤ ᠤᠷᠤᠬᠤ ᠦᠭᠡᠢ | | | ᠡᠳ᠋ ᠲᠤ ᠰᠢᠨᠤᠪᠠᠯ ᠲᠤᠷᠤᠶᠢᠳᠠᠨ᠎ᠠ | ᠡᠷᠳᠡᠮ ᠳᠤ ᠰᠢᠨᠤᠪᠠᠯ ᠤᠬᠠᠭᠠᠵᠢᠨᠠ | | | ᠶᠢᠷᠳᠢᠨᠴᠤ ᠶᠢᠨ ᠤᠬᠠᠭᠠᠨ ᠬᠥᠮᠥᠨ ᠳᠤ | ᠬᠥᠮᠥᠨ ᠤ ᠤᠬᠠᠭᠠᠨ ᠡᠷᠳᠡᠮ ᠳᠤ | | | ᠵᠠᠯᠬᠠᠭᠤ ᠬᠥᠮᠥᠨ ᠳᠤ ᠵᠠᠮ ᠬᠤᠯᠠ | ᠵᠠᠯᠢᠬᠠᠢ ᠬᠥᠮᠥᠨ ᠳᠤ ᠨᠥᠬᠦᠷ ᠬᠤᠯᠠ | | | | | ᠠᠬ᠎ᠠ ᠰᠠᠶᠢᠳᠤ ᠶᠢᠨ ᠲᠡᠬᠦᠤ ᠴᠡᠴᠡᠭ | ᠠᠵᠢᠯ ᠰᠠᠶᠢᠳᠤ ᠶᠢᠨ ᠬᠡᠷ ᠴᠡᠮᠴᠡᠭᠡᠷ | | | ᠠᠷᠭᠠᠳᠤ ᠲᠠᠤᠯᠠᠢ | ᠠᠷᠰᠯᠠᠨ ᠢ ᠪᠠᠷᠢᠨ᠎ᠠ | | | ᠠᠭᠤᠯᠵᠠᠬᠤ ᠦᠭᠡᠢ ᠬᠡᠰᠡᠨ ᠬᠥᠮᠥᠨ ᠲᠠᠢ ᠭᠤᠷᠪᠠ ᠠᠭᠤᠯᠵᠠᠨ᠎ᠠ | ᠤᠷᠤᠬᠤ ᠦᠭᠡᠢ ᠭᠡᠰᠡᠨ ᠠᠶᠢᠯ ᠳᠤ ᠭᠤᠷᠪᠠ ᠤᠷᠤᠨ᠎ᠠ | | | ᠢᠳᠡᠭᠰᠡᠨ ᠡᠷᠡᠤ ᠬᠤᠪᠬᠠᠶᠢᠷᠠᠵᠤ | ᠢᠳᠡᠭᠳᠡᠭᠰᠡᠨ ᠲᠤᠪᠤ ᠨᠤᠭᠤᠭᠠᠷᠠᠨ᠎ᠠ | | | ᠢᠳᠡᠭᠡᠯ ᠢ ᠤᠯᠬᠤ ᠳᠤ ᠥᠨᠡᠨ ᠬᠡᠷᠡᠭ ᠲᠠᠢ | ᠠᠳᠡᠡᠬᠦᠤ ᠢ ᠬᠠᠯᠠᠬᠤ ᠳᠤ ᠰᠢᠳᠤᠷᠭᠤ ᠬᠡᠷᠡᠭ ᠲᠠᠢ | | | ᠤᠯᠠᠨ ᠥᠭᠡᠨ ᠳᠤ ᠤᠯᠵᠠ ᠦᠭᠡᠢ | ᠤᠬᠳᠤᠷ ᠨᠤᠬᠠᠢ ᠳᠤ ᠰᠢᠨᠵᠢ ᠦᠭᠡᠢ | | | ᠤᠷᠤᠭ᠎ᠠ ᠮᠤᠷᠢ ᠶᠢ ᠤᠷᠭ᠎ᠠ ᠪᠠᠷ | ᠠᠭᠤᠷᠳᠠᠢ ᠬᠥᠮᠥᠨ ᠢ ᠠᠷᠭ᠎ᠠ ᠪᠠᠷ | | | ᠤ ᠲᠠᠢ ᠥᠢᠷᠠᠳᠤᠪᠠᠯ ᠴᠠᠭᠠᠨ | ᠬᠥ᠋ ᠲᠠᠢ ᠥᠢᠷᠠᠳᠤᠪᠠᠯ ᠬᠠᠷ᠎ᠠ | | | ᠤᠮᠤᠬᠳᠠᠢ ᠲᠠᠷᠢᠬᠢᠨ ᠳᠤ ᠤᠬᠠᠭᠠᠨ ᠪᠠᠭ᠎ᠠ | ᠤᠪ ᠲᠠᠢ ᠲᠠᠷᠢᠬᠢᠨ ᠳᠤ ᠤᠢ ᠪᠠᠭ᠎ᠠ | | | ᠤᠬᠢᠯᠠᠭ᠎ᠠ ᠤᠬᠢᠯᠠᠭ᠎ᠠ ᠬᠥᠮᠥᠨ ᠪᠤᠯᠵᠤ | ᠮᠠᠶᠢᠯᠠᠭ᠎ᠠ ᠮᠠᠶᠢᠯᠠᠭ᠎ᠠ ᠮᠠᠯ ᠪᠤᠯᠳᠠᠭ | | | | | ᠤᠬᠢᠯᠠᠬᠰᠠᠨ ᠬᠥᠮᠥᠨ ᠠᠴᠠ ᠪᠤᠤ ᠠᠰᠠᠭᠤ | ᠢᠨᠢᠶᠡᠭᠰᠡᠨ ᠬᠥᠮᠥᠨ ᠠᠴᠠ ᠠᠰᠠᠭᠤ | | | ᠤᠷᠤᠰᠬᠠᠯ ᠤᠰᠤ ᠥᠮᠡᠭᠡᠶᠢᠷᠡᠬᠦ ᠦᠭᠡᠢ | ᠤᠬᠯᠤᠷᠭᠠ ᠮᠤᠳᠤ ᠬᠤᠷᠤᠬᠠᠶᠢᠳᠠᠬᠤ ᠦᠭᠡᠢ | | | ᠥᠭᠡᠳᠡᠯᠡᠬᠦ ᠳᠤ ᠥᠬᠢᠨ ᠴᠠᠭᠠᠨ ᠬᠤᠷᠠᠭ᠎ᠠ | ᠤᠷᠤᠭᠤᠳᠠᠬᠤ ᠳᠤ ᠤᠬᠤᠨ᠎ᠠ ᠴᠠᠭᠠᠨ ᠢᠰᠢᠭᠡ | | | ᠥᠷᠯᠥᠭᠡ ᠶᠢᠨ ᠲᠤᠯᠠᠭᠠᠨ ᠢ ᠲᠤᠯᠠᠭᠠᠨ ᠳᠤ ᠪᠤᠤ ᠪᠤᠳᠤ | ᠥᠰᠬᠦ ᠶᠢᠨ ᠵᠢᠷᠭᠠᠯ ᠢ ᠵᠢᠷᠭᠠᠯ ᠳᠤ ᠪᠤᠤ ᠪᠤᠳᠤ | | | ᠥᠭᠬᠢᠶᠠᠮᠤᠷ ᠬᠥᠮᠥᠨ | ᠥᠪᠡᠷ ᠢᠶᠠᠨ ᠬᠤᠭᠤᠰᠤᠨ | | | ᠥᠭᠡᠬᠦ ᠥᠭᠬᠦᠭᠰᠡᠨ ᠬᠥᠮᠥᠨ ᠲᠠᠢ | ᠥᠷᠯᠥᠭᠡ ᠥᠳᠡᠰᠢ ᠦᠭᠡᠢ ᠬᠡᠷᠡᠬᠦᠯ | | | ᠥᠨᠡᠨ ᠥᠭᠡ ᠶᠠᠷᠢᠬᠰᠠᠨ ᠬᠥᠮᠥᠨ ᠳᠤ ᠬᠥᠮᠥᠨ ᠥᠰᠢᠶ᠎ᠡ ᠲᠠᠢ | ᠥᠨᠳᠤᠷ ᠮᠤᠳᠤ ᠪᠠᠷᠢᠬᠰᠠᠨ ᠬᠥᠮᠥᠨ ᠳᠤ ᠨᠤᠬᠠᠢ ᠥᠰᠢᠶᠠ ᠲᠠᠢ | | | ᠨᠠᠮᠤᠷ ᠡᠪᠡᠰᠤ ᠤᠪᠤᠭᠠᠯᠠᠬᠤ ᠦᠭᠡᠢ ᠪᠤᠯ | ᠬᠠᠪᠤᠷ ᠶᠠᠰᠤ ᠤᠪᠤᠭᠠᠯᠠᠨ᠎ᠠ | | | ᠨᠢᠭᠡ ᠥᠭᠡᠷ ᠤᠨ ᠡᠪᠡᠷ ᠢ ᠴᠤᠬᠢᠬᠤ ᠳᠤ | ᠮᠢᠩᠭᠠᠨ ᠥᠭᠡᠷ ᠤᠨ ᠡᠪᠡᠷ ᠲᠤᠷᠬᠢᠨ᠎ᠠ | | | ᠨᠢᠭᠡ ᠡᠳᠤᠷ ᠲᠠᠨᠢᠯᠴᠠᠵᠤ | ᠮᠢᠩᠭᠠᠨ ᠡᠳᠤᠷ ᠨᠥᠬᠦᠷᠯᠠᠨᠠ | | | | | ᠨᠤᠮᠤᠬᠠᠨ ᠲᠡᠮᠡᠭᠡ ᠶᠢ ᠨᠤᠤᠯᠠᠬᠤ ᠳᠤ ᠠᠮᠠᠷ | ᠨᠤᠮᠤᠢ ᠬᠥᠮᠥᠨ ᠢ ᠵᠠᠷᠤᠬᠤ ᠳᠤ ᠠᠮᠠᠷ | | | ᠪᠠᠶᠠᠵᠢᠶᠡ ᠬᠡᠪᠡᠯ ᠡᠪᠤᠯ ᠵᠤᠨ ᠬᠤᠶᠠᠷ | ᠪᠠᠷᠠᠬᠳᠠᠶᠡ ᠭᠡᠪᠡᠯ ᠡᠳᠤᠷ ᠰᠥᠨᠢ ᠬᠤᠶᠠᠷ | | | ᠪᠠᠷᠠᠵᠤ ᠢᠳᠡᠭᠰᠡᠨ ᠪᠠᠶᠠᠨ ᠠᠴᠠ | ᠮᠠᠷᠠᠵᠤ ᠢᠳᠡᠭᠰᠡᠨ ᠬᠤᠭᠤᠰᠤᠨ ᠲᠡᠭᠡᠷ᠎ᠡ | | | ᠬᠠᠷᠢ ᠶᠢᠨ ᠬᠥᠮᠥᠨ ᠬᠠᠷᠢ ᠳᠤ ᠪᠠᠨ ᠬᠥᠨᠳᠤ | ᠬᠠᠶᠠᠬᠰᠠᠨ ᠴᠢᠯᠠᠭᠤ ᠭᠠᠵᠠᠷ ᠲᠤ ᠪᠠᠨ ᠬᠥᠨᠳᠤ | | | ᠬᠡᠷᠢᠶ᠎ᠡ ᠭᠠᠯᠠᠭᠤ ᠶᠢ ᠲᠠᠭᠤᠷᠢᠶᠠᠵᠤ | ᠤᠰᠤᠨ ᠳᠤ ᠤᠨᠠᠬᠤ | | | ᠬᠡᠷᠡᠭᠯᠡᠬᠦ ᠶᠢᠨ ᠥᠵᠥᠬᠦᠷ | ᠬᠡᠷᠢᠶᠡᠨ ᠤ ᠥᠳᠤ ᠮᠢᠩᠭᠠᠨ ᠯᠠᠩ | | | ᠬᠡᠭᠡᠷ᠎ᠡ ᠠᠯᠠᠭ ᠠᠴᠠ ᠰᠢᠬᠢᠷ᠎ᠠ ᠠᠯᠠᠭ | ᠬᠡᠯᠳᠡᠩ ᠬᠡᠬᠦᠤ ᠠᠴᠠ ᠱᠤᠪᠳᠤᠩ ᠤᠨᠠᠭ᠎ᠠ | | | ᠬᠡᠯᠡᠭᠰᠡᠨ ᠥᠭᠡᠨ ᠳᠤ ᠪᠠᠨ ᠡᠵᠡᠨ ᠰᠠᠭᠤ | ᠢᠳᠡᠭᠰᠡᠨ ᠪᠤᠳᠠᠭᠠᠨ ᠳᠤ ᠪᠠᠨ ᠰᠠᠪᠠ ᠪᠤᠯ | | | ᠬᠥᠴᠤᠯᠡᠬᠦ ᠪᠠᠷ ᠡᠪ ᠢ ᠨᠢ ᠤᠯ | ᠬᠡᠷᠡᠯᠳᠤᠬᠦ ᠪᠠᠷ ᠤᠴᠢᠷ ᠢ ᠨᠢ ᠤᠯ | | | ᠮᠠᠭᠤ ᠬᠥᠮᠥᠨ ᠠᠷᠢᠬᠢᠨ ᠳᠤ ᠴᠢᠩᠭᠠᠷᠠᠵᠤ | ᠮᠠᠭᠤ ᠮᠢᠬ᠎ᠠ ᠲᠠᠪᠤᠰᠤᠨ ᠳᠤ ᠴᠢᠩᠭᠠᠷᠠᠵᠤ | | | | | ᠮᠠᠭᠤ ᠲᠠᠢ ᠨᠥᠬᠦᠷᠯᠡᠪᠡᠯ ᠮᠤᠭᠠᠢ ᠶᠢᠨ ᠬᠤᠤᠷ | ᠰᠠᠶᠢᠨ ᠲᠠᠢ ᠨᠥᠬᠦᠷᠯᠡᠪᠡᠯ ᠰᠠᠷᠠᠨ ᠤ ᠬᠡᠷᠡᠯ | | | ᠮᠠᠭᠤ ᠬᠥᠮᠥᠨ ᠤᠬᠢᠯᠠᠨ ᠬᠡᠯᠡᠬᠦ | ᠮᠠᠭᠤ ᠨᠤᠬᠠᠢ ᠤᠯᠢᠨ ᠬᠤᠴᠠᠬᠤ | | | ᠮᠠᠯ ᠮᠢᠬ᠎ᠠ ᠪᠠᠷ | ᠬᠥᠮᠥᠨ ᠡᠮᠤᠰᠬᠦ ᠪᠠᠷ | | | ᠮᠡᠳᠡᠨ᠎ᠡ ᠭᠡᠪᠡᠯ ᠬᠡᠷᠡᠴᠢ ᠪᠤᠯᠳᠠᠭ | ᠴᠢᠳᠠᠨ᠎ᠠ ᠭᠡᠪᠡᠯ ᠵᠠᠷᠤᠴᠠ ᠪᠤᠯᠳᠠᠭ | | | ᠮᠢᠬ᠎ᠠ ᠴᠢᠨᠠᠭᠠᠳ ᠱᠥᠯᠤ ᠨᠡᠶᠢᠯᠡᠬᠦ ᠦᠭᠡᠢ | ᠮᠠᠨᠢ ᠲᠤᠭᠠᠯᠠᠭᠠᠳ ᠰᠥᠵᠢᠭ ᠨᠡᠶᠢᠯᠡᠬᠦ ᠦᠭᠡᠢ | | | ᠮᠤᠷᠢᠳᠠᠢ ᠬᠥᠮᠥᠨ ᠪᠠᠭᠤᠭᠠᠳ ᠬᠠᠷᠠᠮᠠᠷ | ᠶᠠᠪᠠᠭᠠᠨ ᠬᠥᠮᠥᠨ ᠰᠠᠭᠤᠭᠠᠳ ᠬᠠᠷᠠᠮᠠᠷ | | | ᠡᠳ᠋ ᠴᠠᠭᠠᠨ | ᠨᠢᠳᠤ ᠤᠯᠠᠭᠠᠨ | | | ᠨᠤᠤᠬ᠎ᠠ ᠶᠢ ᠨᠢ ᠠᠪᠬᠤ ᠬᠡᠳ | ᠨᠢᠳᠤ ᠶᠢ ᠨᠢ ᠰᠤᠬᠤᠯᠬᠤ | | | ᠯᠠᠮᠠ ᠮᠠᠭᠤᠳᠠᠪᠠᠯ ᠲᠠᠭᠤᠯᠠᠬᠤ | ᠢᠮᠠᠭ᠎ᠠ ᠮᠠᠭᠤᠳᠠᠪᠠᠯ ᠮᠠᠶᠢᠯᠠᠬᠤ | | | ᠯᠤᠤ ᠠᠷᠪᠢᠳᠠᠪᠠᠯ | ᠪᠤᠷᠤᠭᠠᠨ ᠦᠭᠡᠢ | | | | | ᠪᠢᠯᠳᠠᠤᠴᠢ ᠵᠠᠩ ᠪᠡᠶ᠎ᠡ ᠳᠤ ᠮᠠᠭᠤᠬᠠᠢ | ᠪᠠᠰᠢᠷ ᠠᠷᠭ᠎ᠠ ᠬᠥᠮᠥᠨ ᠳᠤ ᠮᠠᠭᠤᠬᠠᠢ | | | ᠵᠢᠰᠤ ᠪᠠᠨ ᠮᠡᠳᠡᠬᠦ ᠦᠭᠡᠢ ᠲᠤᠯᠢ ᠪᠠᠨ ᠮᠠᠭᠤᠯᠠᠬᠤ | ᠵᠢᠷᠤᠭᠡ ᠪᠠᠨ ᠮᠡᠳᠡᠬᠦ ᠦᠭᠡᠢ ᠬᠠᠨᠢ ᠪᠠᠨ ᠮᠠᠭᠤᠯᠠᠬᠤ | | | ᠠᠳᠡ ᠢᠷᠡᠵᠤ ᠡᠷᠬᠢ ᠮᠥᠷᠬᠦᠬᠦ | ᠲᠡᠨᠳᠡ ᠤᠴᠢᠵᠤ ᠲᠡᠷᠭᠡ ᠮᠥᠷᠬᠦᠬᠦ | | | ᠰᠥᠮ᠎ᠠ ᠳᠤ ᠦᠭᠡᠢ ᠯᠠᠮᠠ | ᠰᠥᠷᠥᠭ ᠲᠤ ᠦᠭᠡᠢ ᠪᠤᠬ᠎ᠠ | | | ᠨᠤᠬᠠᠢ ᠶᠢᠨ ᠰᠥᠷ ᠡᠵᠡᠨ ᠳᠤ ᠪᠠᠨ | ᠨᠤᠶᠠᠨ ᠤ ᠰᠥᠷ ᠡᠷᠭᠡ ᠳᠤ ᠪᠠᠨ | | | ᠬᠤᠯᠠᠭᠠᠶᠢᠴᠢ ᠬᠥᠮᠥᠨ ᠤ ᠬᠢᠮᠤᠰᠤ ᠨᠢ ᠱᠥᠪᠤᠬᠡᠷ | ᠬᠤᠳᠠᠯᠴᠢ ᠬᠥᠮᠥᠨ ᠤ ᠬᠡᠯᠡ ᠨᠢ ᠱᠥᠪᠤᠬᠡᠷ | | | ᠥᠭᠡᠨ ᠳᠤ ᠤᠳᠬ᠎ᠠ ᠲᠠᠢ | ᠥᠨᠢᠶᠡᠨ ᠳᠤ ᠲᠤᠭᠤᠯ ᠲᠠᠢ | | | ᠬᠤᠯᠠᠭᠠᠶᠢᠴᠢ ᠬᠥᠮᠥᠨ ᠠᠷᠭ᠎ᠠ ᠲᠠᠢ | ᠬᠤᠳᠠᠯᠴᠢ ᠬᠥᠮᠥᠨ ᠮᠡᠭᠡ ᠲᠠᠢ | | | ᠰᠠᠶᠢᠨ ᠬᠠᠪᠤᠷ ᠴᠠᠰᠤ ᠲᠠᠢ | ᠮᠠᠭᠤ ᠨᠠᠮᠤᠷ ᠪᠤᠷᠤᠭᠠᠨ ᠲᠠᠢ | | | ᠤᠰᠤᠨ ᠤ ᠬᠥᠨ ᠢ ᠤᠷᠭ᠎ᠠ ᠪᠠᠷ ᠲᠠᠨᠢᠬᠤ | ᠬᠥᠮᠥᠨ ᠤ ᠬᠥᠨ ᠢ ᠥᠭᠡ ᠲᠠᠨᠢᠬᠤ | | | | | ᠬᠡ ᠪᠠᠭᠰᠢ ᠶᠢᠨ ᠪᠢᠴᠢᠭ ᠢ ᠬᠡᠨ ᠴᠦ ᠲᠠᠨᠢᠬᠤ ᠦᠭᠡᠢ | ᠬᠡᠳᠤ ᠬᠤᠨᠤᠪᠠᠯ ᠥᠪᠡᠷ ᠢᠶᠠᠨ ᠴᠦ ᠲᠠᠨᠢᠬᠤ ᠦᠭᠡᠢ | | | ᠠᠴᠢ ᠪᠠᠨ ᠲᠠᠨᠢᠬᠤ ᠦᠭᠡᠢ ᠥᠨᠢᠷ | ᠠᠬᠳᠠ ᠪᠠᠨ ᠲᠠᠨᠢᠬᠤ ᠦᠭᠡᠢ ᠪᠠᠶᠠᠨ | | | ᠥᠰᠬᠦ ᠬᠡᠤᠬᠡᠳ ᠲᠤ ᠥᠰ ᠪᠤᠤ ᠲᠠᠯᠪᠢ | ᠥᠳᠡᠯᠬᠦ ᠬᠥᠮᠥᠨ ᠳᠤ ᠥᠷᠢ ᠪᠤᠤ ᠲᠠᠯᠪᠢ | | | ᠵᠤᠪᠠᠯᠠᠩ ᠪᠤᠯᠪᠠᠯ ᠯᠠᠮᠠ ᠲᠠᠷᠭᠤᠯᠠᠬᠤ | ᠵᠤᠳ ᠪᠤᠯᠪᠠᠯ ᠨᠤᠬᠠᠢ ᠲᠠᠷᠭᠤᠯᠠᠬᠤ | | | ᠲᠡᠭᠡᠬᠦᠷ ᠨᠡᠷ᠎ᠡ ᠲᠡᠮᠡᠴᠡᠬᠦ | ᠲᠤᠤᠭᠤᠷ ᠠᠮᠢ ᠲᠡᠮᠡᠴᠡᠬᠦ | | | ᠡᠭᠡ ᠪᠡᠷᠢ ᠬᠤᠶᠠᠷ ᠬᠡᠷᠡᠯᠳᠤᠪᠡᠯ ᠡᠯᠪᠡᠷᠢᠯ ᠦᠭᠡᠢ ᠶᠢᠨ ᠲᠡᠮᠳᠡᠭ | ᠪᠠᠭᠰᠢ ᠱᠠᠪᠢ ᠬᠤᠶᠠᠷ ᠬᠡᠷᠡᠯᠳᠤᠪᠡᠯ ᠨᠤᠮ ᠰᠤᠷᠬᠤ ᠦᠭᠡᠢ ᠶᠢᠨ ᠲᠡᠮᠳᠡᠭ | | | ᠠᠯᠵᠠᠭᠤ ᠵᠠᠯᠬᠠᠭᠤ ᠶᠠᠳᠠᠭᠤᠷᠠᠯ ᠤᠨ ᠲᠡᠮᠳᠡᠭ | ᠠᠵᠢᠯᠴᠢ ᠠᠷᠪᠢᠴᠢ ᠪᠠᠶᠠᠵᠢᠯ ᠤᠨ ᠲᠡᠮᠳᠡᠭ | | | ᠬᠤᠯᠠ ᠪᠠᠶᠢᠬᠤ ᠤᠰᠤ | ᠬᠤᠭᠤᠯᠠᠢ ᠬᠠᠳᠠᠬᠤ ᠳᠤ ᠲᠤᠰᠠ ᠦᠭᠡᠢ | | | ᠬᠡᠷᠡᠴᠢ ᠴᠦ ᠵᠠᠷᠭᠤ ᠲᠥᠪᠡᠭ | ᠪᠠᠷᠢᠴᠠ ᠦᠭᠡᠢ ᠬᠡᠷᠡᠭ ᠲᠥᠪᠡᠭ | | | ᠴᠠᠭᠠᠰᠤᠨ ᠰᠢᠪᠠᠭᠤ ᠵᠢᠪᠡᠷ ᠲᠠᠭᠠᠭᠠᠬᠤ ᠦᠭᠡᠢ | ᠰᠢᠪᠡᠷ ᠬᠥᠮᠥᠨ ᠪᠤᠷᠤᠭᠠᠨ ᠲᠠᠭᠠᠭᠠᠬᠤ ᠦᠭᠡᠢ | | |