| | ᠮᠤᠩᠭᠤᠯᠴᠤᠳ ᠨᠠᠰᠤᠳᠡᠨ ᠬᠦᠮᠤᠨ ᠤ ᠪᠠᠨ ᠨᠠᠰᠤᠨ ᠪᠠᠶᠠᠷ ᠢ ᠲᠡᠮᠳᠡᠭᠯᠡᠬᠦ ᠶᠢ ᠨᠢᠭᠡᠨ ᠵᠢᠷᠡᠨ ᠢᠶᠠᠷ ᠪᠠᠷᠢᠮᠵᠢᠶᠠᠯᠠᠵᠤ᠂ | ᠨᠠᠰᠤᠳᠠᠶᠢᠴᠤᠳ ᠲᠠᠭᠠᠨ ︽ᠨᠠᠰᠤᠨ ᠪᠠᠶᠠᠷ︾ ᠬᠢᠵᠤ ᠦᠭᠳᠡᠭ ᠵᠤᠷᠰᠢᠯ ᠲᠠᠢ᠃ ᠡᠨᠡ ᠨᠤᠳᠤᠭ ᠲᠤ ᠪᠤᠯ ᠵᠢᠷᠡᠨ | ᠨᠢᠭᠡᠨ ᠨᠠᠰᠤᠨ ᠤ ᠪᠠᠶᠠᠷ ᠢ ᠲᠠᠮᠢ ᠴᠢᠬᠤᠯᠠᠴᠢᠯᠠᠬᠤ ᠦᠭᠡᠢ᠃ ᠬᠠᠷᠢᠨ ᠲᠠᠯᠠᠨ ᠭᠤᠷᠪᠡ ᠶᠢᠨ ᠵᠢᠯ ᠤᠷᠤᠬᠤ ᠪᠤᠶᠤ | ᠤᠨᠴᠠᠭᠠᠶᠢᠯᠡᠨ ᠨᠠᠶᠠᠨ ᠨᠢᠭᠡ ᠶᠢᠨ ᠨᠠᠰᠤᠨ ᠬᠦᠷᠬᠦ ᠳᠤ ᠮᠦᠨ ᠵᠢᠯ ᠤᠨ ᠬᠢᠨᠢ ᠴᠠᠭᠠᠨ ᠰᠠᠷ᠎ᠠ ᠶᠢᠨ ᠡᠬᠢᠨ ᠤ ᠰᠠᠶᠢᠨ | ᠡᠳᠤᠷ ᠢ ᠰᠤᠩᠭᠤᠵᠤ᠂ ᠵᠢᠯ ᠠᠯᠬᠤᠭᠤᠯᠬᠤ ᠪᠠᠶᠠᠷ ᠢ ᠬᠢᠵᠤ ᠨᠠᠶᠠᠨ ᠬᠤᠶᠠᠷ ᠨᠠᠰᠤᠳᠠᠢ ᠪᠤᠯᠭᠠᠳᠠᠭ ᠨᠢᠭᠡᠨ ᠴᠢᠬᠤᠯᠨ | ᠶᠤᠰᠤᠨ ᠪᠤᠢ᠃ ᠤᠴᠢᠷ ᠨᠢ ᠨᠠᠶᠠᠨ ᠨᠢᠭᠡᠨ ᠨᠠᠰᠤᠳᠠᠢ ᠳᠠᠭᠠᠨ ᠬᠡᠨᠡᠳᠳᠡ ᠨᠠᠰᠤ ᠪᠠᠷᠠᠴᠢᠬᠠᠪᠡᠯ ︽ᠶᠢᠰᠤ ᠶᠢᠰᠤᠨ ᠤ | ᠨᠠᠶᠠᠨ ᠨᠢᠭᠡᠨ ᠢᠷᠸ᠎ᠠ︾ ᠬᠤᠶᠢᠴᠢ ᠦᠷᠡᠰ ᠲᠤ ᠨᠢ ᠮᠠᠭᠤ ᠪᠤᠯᠤᠨ᠎ᠠ ᠭᠡᠵᠤ ᠦᠵᠡᠳᠡᠭ ᠠᠴᠠ ᠪᠤᠯᠵᠠᠢ᠃ ᠦᠨᠳᠤᠷ | ᠨᠠᠰᠤᠳᠡᠨ ᠳᠠᠭᠠᠨ ︽ᠨᠠᠰᠤᠨ ᠪᠠᠶᠠᠷ︾ ᠬᠢᠬᠦ ᠪᠠᠷ ᠪᠤᠯᠪᠠᠯ ᠲᠡᠭᠡᠷ᠎ᠡ ᠵᠢᠯ ᠤᠨ ᠬᠢᠨᠢ ᠡᠴᠤᠰ ᠢᠶᠠᠷ᠄ ︽ᠮᠠᠨ ᠤ | ᠨᠠᠰᠤᠳᠡᠨ ᠭᠡᠨ ᠭᠡᠨ ᠤᠳᠤ ᠵᠢᠯ ᠭᠠᠷᠪᠡᠯ ᠬᠡᠳᠤᠢ ᠨᠠᠰᠤᠨ ᠤ ᠬᠢᠨᠢ ᠤᠢ ᠢᠷᠡᠵᠤ ᠪᠤᠢ᠃ ᠴᠠᠭᠠᠨ ᠰᠠᠷ᠎ᠠ ᠶᠢᠨ ᠬᠡᠳᠤᠨ | ᠳᠤ ᠨᠠᠰᠤᠨ ᠪᠠᠶᠠᠷ ᠶᠢᠨ ᠨᠢ ᠦᠡᠭᠭᠡᠷᠡᠭᠦᠯᠬᠦ ᠪᠠᠷ ᠲᠤᠭᠳᠠᠪᠠ᠃︾ ᠭᠡᠵᠤ ᠠᠪᠠᠭ᠎ᠠ ᠨᠠᠭᠠᠴᠤ ᠠᠬ᠎ᠠ ᠲᠡᠭᠦᠤ᠂ ᠠᠶᠢᠯ | ᠠᠶᠢᠮᠠᠭ ᠰᠠᠳᠤᠨ ᠰᠠᠯᠪᠤᠷᠢ ᠳᠠᠭᠠᠨ ᠮᠡᠳᠡᠭᠳᠡᠨ᠎ᠡ᠃ ᠲᠡᠷᠨ ᠡᠳᠤᠷ ᠨᠢ ᠢᠷᠡᠬᠦ ᠵᠤᠷᠢᠯᠭ᠎ᠠ ᠪᠦᠭᠦᠢ ᠬᠦᠮᠤᠰ ᠲᠤᠰ ᠠᠶᠢᠯ | ᠳᠤ ᠠᠶᠢᠯᠴᠢᠯᠡᠨ ᠢᠷᠡᠵᠤ ︽ᠰᠢᠨ᠎ᠡ ᠶᠢᠨ ᠲᠡᠭᠡᠵᠢ︾ ᠬᠦᠷᠭᠡᠬᠦ ᠶᠢᠨ ᠲᠠᠭᠠᠤ ᠳᠤ ᠦᠨᠳᠤᠷ ᠨᠠᠰᠤᠳᠡᠨ ᠤ ︽ᠨᠠᠰᠤᠨ | ᠪᠠᠶᠠᠷ︾ ᠢ ᠲᠡᠮᠳᠡᠭᠯᠡᠬᠦ ᠠᠵᠢᠯᠯᠠᠭᠠᠨ ᠳᠤ ᠤᠷᠤᠯᠴᠠᠨ᠎ᠠ᠃ | ᠨᠠᠰᠤᠳᠠᠢ ᠬᠦᠮᠤᠨ ᠠᠴᠠ ︽ᠨᠠᠰᠤᠨ ᠪᠠᠶᠠᠷ︾ ᠲᠤᠨᠢ ᠤᠷᠤᠯᠴᠠᠵᠤ ᠪᠡᠯᠡᠭ ᠰᠠᠯᠳᠡ ᠡᠷᠭᠦᠵᠤ ᠪᠠᠶᠢᠭ᠎ᠠ ᠬᠦᠮᠤᠰ | ᠲᠡᠭᠡᠨ ᠬᠠᠷᠢᠭᠤ ᠳᠤ ᠬᠠᠷᠢᠭᠤ ᠢᠷᠦᠭᠡᠯ ᠬᠠᠶᠢᠷᠠᠯᠠᠳᠠᠭ᠃ ᠲᠠᠷᠤᠢ᠄ ︽ᠨᠠᠢᠮᠠᠨ ᠰᠠᠷ᠎ᠠ ᠶᠢᠨ ᠴᠡᠴᠡᠭ ᠮᠡᠳᠤ ᠨᠠᠶᠢᠭᠤᠨ | ᠲᠡᠯᠭᠡᠷᠡᠵᠤ ᠵᠢᠷᠭ᠎ᠠ᠂ ᠨᠠᠮᠰᠠᠷᠠᠢ ᠶᠢᠨ ᠱᠠᠩ ᠮᠡᠳᠤ ᠲᠦᠭᠦᠷᠡᠩ ᠪᠠᠳᠠᠷᠠᠵᠤ ᠵᠢᠷᠭ᠎ᠠ︕︾ ᠭᠡᠬᠦ ᠮᠡᠳᠤ ᠶᠢᠨ ᠵᠦᠡᠭ | ᠪᠡᠯᠭᠡᠳᠤ ᠬᠡᠯᠡᠯᠭᠡ ᠶᠢ ᠲᠤᠰ ᠲᠤᠰ ᠲᠤᠨᠢ ᠬᠡᠯᠡᠨ᠎ᠡ᠃ ᠤᠯᠡᠨ ᠢᠶᠠᠷ ᠢᠶᠠᠨ ᠬᠦᠨᠳᠤᠳᠤ ᠪᠤᠭᠤᠷᠤᠯ ᠨᠠᠰᠤᠳᠡᠨ ᠤ ᠪᠠᠨ | ︽ᠨᠠᠰᠤᠨ ᠪᠠᠶᠠᠷ︾ ᠤᠨ ᠴᠠᠢ ᠶᠢ ᠤᠤᠭᠤᠵᠤ᠂ ᠲᠠᠪᠠᠭ ᠲᠡᠭᠡᠷ᠎ᠡ ᠲᠠᠯᠪᠢᠬᠰᠡᠨ ᠲᠦᠷᠪᠡᠨ ᠬᠤᠨᠳᠠᠭᠠᠨ ᠳᠤ ︵ᠡᠳᠤᠭᠡ | ᠳᠤ ᠬᠤᠶᠠᠷ ᠲᠤᠮᠤ ᠬᠤᠨᠳᠠᠭ᠎ᠠ︶ ᠮᠠᠯᠮᠠᠯᠵᠡᠭᠰᠡᠨ ᠨᠠᠩᠴᠢᠳ ᠢ ᠨᠠᠰᠤᠨ ᠪᠠᠶᠠᠷ ᠢᠶᠠᠨ ᠦᠡᠭᠭᠡᠷᠡᠭᠦᠯᠵᠤ ᠪᠦᠭᠦᠢ | ᠨᠠᠰᠤᠳᠡᠨ ᠤ ᠬᠡᠰᠢᠭ ᠭᠡᠮᠡᠨ ᠰᠦᠡᠭᠨᠡᠨ ᠪᠠᠷᠢᠵᠤ ᠡᠬᠢᠯᠡᠭᠦᠢ ᠳᠤᠷ ᠢᠷᠦᠭᠡᠯᠴᠢ ᠠᠴᠠ᠄ | ᠤᠸ᠋ᠮ ᠰᠠᠶᠢᠨ ᠵᠢᠷᠭᠠᠯᠠᠩ ᠲᠠᠨ ᠪᠤᠯᠳᠤᠭᠠᠢ | ᠡᠩᠭᠡ ᠰᠠᠶᠢᠨ ᠵᠢᠷᠭᠠᠯᠠᠩ ᠲᠠᠨ ᠪᠤᠯᠳᠤᠭᠠᠢ︕ | ᠴᠠᠭ ᠤᠨ ᠰᠠᠶᠢᠬᠠᠨ ᠦᠯᠵᠠᠢ ᠪᠡᠯᠭᠡ ᠬᠤᠷᠠᠭᠰᠡᠨ | ᠴᠠᠭᠠᠨ ᠰᠠᠷ᠎ᠠ ᠶᠢᠨ ᠰᠢᠨ᠎ᠡ ᠶᠢᠨ ×× ᠤ ᠡᠨᠡ ᠡᠳᠤᠷ | ᠴᠠᠭᠯᠠᠰᠢ ᠦᠭᠡᠢ ᠪᠠᠶᠠᠷ ᠴᠡᠩᠭᠡᠯ ᠪᠢᠯᠬᠠᠬᠰᠡᠨ | ᠴᠠᠰᠤᠨ ᠮᠡᠳᠤ ᠦᠡᠭᠭᠡ ᠲᠤᠨᠤᠮᠠᠯ ᠦᠷᠦᠭᠡᠨ ᠳᠡᠭᠡᠨ | ᠦᠮᠤ ᠽᠠᠨᠳᠠ ᠰᠢᠷᠡᠭᠡ ᠶᠦᠭᠡᠨ ᠶᠠᠰᠠᠵᠤ | ᠦᠳᠭᠡ ᠰᠢᠭᠦᠰᠤ ᠰᠠᠭᠠᠯᠢᠨ ᠰᠢᠮ᠎ᠡ ᠪᠠᠨ ᠲᠠᠪᠰᠢᠯᠠᠵᠤ | ᠭᠡᠢ ᠮᠤᠷᠢ ᠶᠢᠨ ᠰᠦᠯᠳᠡ ᠶᠦᠭᠡᠨ ᠲᠠᠬᠢᠵᠤ | ᠬᠦᠵᠢ ᠵᠤᠯᠨ ᠰᠠᠩ ᠰᠦᠯᠭᠡ ᠪᠠᠨ ᠤᠡᠭᠭᠠᠰᠬᠠᠵᠤ | ᠬᠦᠷᠦᠯᠴᠡᠨ ᠢᠷᠡᠭᠰᠡᠨ ᠲᠦᠷᠦᠯ ᠲᠦᠮᠡᠰ ᠪᠦᠬᠦᠳᠡ ᠲᠠᠢ ᠪᠠᠨ | ᠬᠦᠨᠳᠤ ᠶᠢᠨ ᠶᠤᠰᠤᠭᠠᠷ ᠬᠦᠬᠦᠷ ᠬᠠᠳᠠᠭ ᠢᠶᠠᠨ ᠰᠤᠯᠢᠯᠴᠠᠨ | ᠨᠠᠢᠮᠠᠨ ᠵᠦᠭ ᠤᠨ ᠵᠤᠴᠢᠨ ᠬᠡᠶᠢᠴᠢᠨ ᠪᠦᠭᠦᠨ ᠢ | ᠨᠠᠶᠢᠷ ᠬᠦᠷ ᠲᠠᠢ ᠲᠤᠭᠤᠷᠭᠠᠳᠤ ᠭᠡᠷ ᠲᠡᠭᠡᠨ ᠰᠠᠭᠠᠳᠠᠭᠤᠯᠵᠤ | ᠨᠠᠰᠤᠳᠡᠨ ᠪᠤᠭᠤᠷᠤᠯ ᠠᠪᠤ ︵ᠡᠵᠢ︶ ×× ᠤ ᠪᠠᠨ | ᠨᠠᠶᠠᠨ ᠨᠢᠭᠡᠨ ᠤ ᠨᠠᠰᠤᠨ ᠤ ᠦᠨᠳᠤᠷ ᠬᠤᠳᠤᠭ ᠢ ᠪᠡᠯᠭᠡᠯᠡᠵᠤ ᠪᠠᠶᠢᠨ᠎ᠠ᠃ ᠵᠠ᠂ ᠦᠳᠡᠯᠦᠭᠡ ᠪᠤᠭᠤᠷᠤᠯ ᠦᠨᠳᠤᠷ | ᠭᠡᠰᠢᠭᠳᠦ ᠨᠠᠰᠤᠳᠡᠨ ᠮᠢᠨᠢ︕ ᠪᠤᠶᠠᠨ ᠭᠡᠰᠢᠭ ᠲᠠᠨᠢ ᠠᠭᠤᠯᠨ ᠮᠡᠳᠤ ᠮᠦᠡᠭᠭᠡᠵᠢᠵᠤ ᠰᠢᠯᠵᠢᠰᠢ ᠦᠭᠡᠢ ᠪᠠᠶᠠᠨ | ᠰᠦᠮᠪᠤᠷ ᠬᠠᠶᠢᠷᠬᠠᠨ ᠮᠡᠳᠤ ᠰᠢᠩᠭᠡᠬᠦ ᠤᠯᠠᠭᠠᠨ ᠨᠠᠷᠠᠨ ᠤ ᠠᠯᠳᠡᠨ ᠲᠤᠶᠠᠭ᠎ᠠ ᠮᠡᠳᠤ ᠰᠢᠵᠢᠷ ᠭᠡᠷᠡᠯ ᠢᠶᠠᠨ | ᠰᠠᠴᠤᠷᠠᠭᠤᠯᠤᠨ ᠭᠡᠶᠢᠭᠦᠯᠤᠨ ᠡᠩᠭᠡᠵᠢᠬᠦ ᠶᠢᠨ ᠦᠯᠵᠠᠢ ᠪᠡᠯᠭᠡ ᠦᠨᠢᠳᠡ ᠪᠠᠳᠠᠷᠠᠬᠤ ᠪᠤᠯᠳᠤᠭᠠᠢ︕ | ᠭᠡᠵᠤ ᠬᠦᠡᠭᠬᠢᠨᠡᠭᠦᠯᠤᠨ ᠢᠷᠤᠭᠡᠵᠤ ᠭᠠᠷᠤᠨ᠎ᠠ᠃ ᠤᠯᠡᠨ ᠢᠶᠠᠷ ᠢᠶᠠᠨ ᠦᠨᠳᠤᠷ ᠨᠠᠰᠤᠳᠡᠨ ᠤ ᠪᠠᠨ ᠭᠡᠰᠢᠭ ᠭᠡᠵᠤ | ᠬᠤᠨᠳᠠᠭ᠎ᠠ ᠬᠤᠭᠤᠰᠤᠯᠡᠨ ᠬᠦᠨᠳᠤᠷᠡᠬᠦ ᠳᠡᠭᠡᠨ᠄ | ᠪᠤᠭᠤᠷᠤᠯ ᠶᠤ᠋ ᠮᠤᠷᠢᠳᠠᠢ ᠶᠤᠮ | ᠪᠤᠯᠢᠭᠠᠷᠢᠨ ᠶᠤ᠋ ᠲᠤᠬᠤᠮ ᠲᠠᠢ ᠶᠤᠮ | ᠪᠤᠭᠤᠷᠤᠯ ᠠᠪᠤ ᠶᠢᠨ ᠢᠶᠠᠨ ᠪᠤᠶᠠᠨ ᠭᠡᠰᠢᠭ ᠢ | ᠪᠤᠴᠠᠭᠠᠯ ᠦᠭᠡᠢ ᠬᠦᠷᠳᠡᠶ᠎ᠡ ᠳ᠋ᠤᠤ | ᠰᠠᠭᠠᠷᠠᠯ ᠶᠤ᠋ ᠮᠤᠷᠢᠳᠠᠢ ᠶᠤᠮ | ᠰᠠᠭᠠᠷᠢᠨ ᠶᠤ᠋ ᠲᠤᠬᠤᠮ ᠲᠠᠢ ᠶᠤᠮ | ᠰᠠᠨᠴᠢᠭ ᠪᠤᠭᠤᠷᠤᠯ ᠠᠪᠤ ᠶᠢᠨ ᠢᠶᠠᠨ ᠭᠡᠰᠢᠭ ᠢ | ᠰᠠᠭᠠᠳᠠᠯ ᠦᠭᠡᠢ ᠬᠦᠷᠳᠡᠶ᠎ᠡ ᠳ᠋ᠤᠤ | ᠭᠡᠵᠤ ᠲᠠᠭᠤᠯᠠᠵᠠᠭᠠᠨ ᠤᠯᠠᠭᠠᠨ ᠵᠡᠭᠡᠷᠳᠡ ᠪᠤᠯᠤᠨ ᠬᠠᠯᠠᠰᠴᠠᠭᠠᠵᠤ ᠨᠠᠶᠢᠷ ᠦᠨᠳᠤᠷᠯᠡᠳᠡᠭ᠃ ᠡᠨᠡ ᠨᠤᠳᠤᠭ ᠲᠤ | ᠬᠡᠤᠭᠡᠳ ᠤᠨ ᠠᠷᠪᠡᠨ ᠬᠤᠶᠠᠷ ᠪᠦᠭᠦᠯᠢ ᠨᠠᠰᠤ ᠶᠢ ᠲᠤᠰᠬᠠᠢ ᠬᠦᠮᠤᠨ ᠬᠠᠷ᠎ᠠ ᠶᠢ ᠤᠷᠢᠨ ᠵᠠᠯᠠᠵᠤ ᠲᠡᠮᠳᠡᠭᠯᠡᠳᠡᠭ | ᠶᠤᠰᠤᠨ ᠬᠠᠷᠠᠬᠠᠨ ᠪᠠᠶᠢᠬᠰᠡᠨ ᠦᠭᠡᠢ᠃ ᠮᠦᠨ ᠬᠦ ᠪᠤᠭᠤᠷᠤᠯ ᠨᠠᠰᠤᠳᠡᠨ ᠤ ᠪᠠᠨ ︽ᠨᠠᠰᠤᠨ ᠪᠠᠶᠠᠷ︾ ᠲᠤ ᠴᠤ | ᠵᠦᠭ ᠪᠤᠯᠭᠠᠨ ᠤ ᠬᠦᠮᠤᠨ ᠲᠦᠮᠡᠨ ᠢ ︽ᠤᠯᠠᠭᠠᠨ ᠴᠠᠭᠠᠰᠤ︾ ᠪᠠᠷ ᠢᠶᠠᠨ ᠤᠷᠢᠨ ᠲᠠᠯᠠᠯᠵᠤ ᠰᠤᠷᠳᠤᠭᠤᠯᠵᠤ ᠬᠢᠳᠡᠭ | ᠵᠤᠷᠰᠢᠯ ᠶᠡᠷᠤ ᠠᠴᠠ ᠪᠠᠶᠢᠬᠰᠡᠨ ᠦᠭᠡᠢ ᠶᠤᠮᠰᠠᠨ᠃ |