ᠫᠠᠷᠵᠢ ᠲᠣᠭᠠᠯᠠᠬᠤ ᠶᠣᠰᠣ
ᠨᠡᠶᠢᠲᠡᠯᠡᠭᠰᠡᠨ ᠴᠠᠭ᠄
2019/12/11
ᠫᠠᠷᠵᠢ ᠲᠣᠭᠠᠯᠠᠬᠤ ᠭᠡᠳᠡᠭ ᠨᠢ ᠠᠶᠠᠭᠠᠨ ᠲᠣᠳᠣᠷ᠎ᠠ ᠪᠠᠭᠤᠭᠰᠠᠨ ᠵᠢᠷᠭᠤᠭᠠᠨ ᠬᠤᠷᠭᠤᠯᠵᠢᠨ ᠦᠷᠢᠯ ᠤᠳ ᠤᠨ ᠭᠡᠲᠦ ᠎ ᠨᠢ ᠲᠡᠭᠡᠭᠰᠢ ︵ᠬᠤᠳᠣᠭᠤᠷ ᠲᠠᠯ᠎ᠠ ᠨᠢ ᠦᠭᠡᠳᠡ︶᠂ ᠭᠡᠲᠦ ᠨᠢ ᠲᠣᠷᠣᠭᠰᠢ ︵ᠬᠦᠳᠦᠭᠦᠷ ᠲᠠᠯ᠎ᠠ ᠨᠢ ᠦᠭᠡᠳᠡ︶ ᠬᠠᠨᠳᠣᠭᠰᠠᠨ ᠢᠶᠠᠷ ᠨᠢ ᠨᠢᠭᠡᠴᠢ ᠪᠣᠯᠭᠠᠨ ᠲᠣᠭᠠᠯᠠᠬᠤ ᠲᠣᠭᠳᠠᠭᠰᠠᠨ ᠲᠦᠷᠢᠮ ᠢ ᠬᠡᠯᠡᠨ᠎ᠡ᠃ ᠲᠡᠭᠦᠨ ᠤ ᠪᠣᠳᠠᠳᠠᠢ ᠲᠤᠭ᠎ᠠ ᠶᠢ ᠲᠣᠷᠣᠭᠰᠢ ︽ᠬᠤᠪᠢ ᠣᠯᠬᠤ︾ ᠬᠡᠵᠣ ᠲᠡᠮᠳᠡᠭᠯᠡᠪᠡ᠃ ① ᠨᠢᠭᠡ ᠨᠢ ᠲᠣᠷᠣᠭᠰᠢ ᠬᠠᠨᠳᠣᠵᠣ ᠲᠠᠪᠤ ᠨᠢ ᠲᠡᠭᠡᠭᠰᠢ ᠬᠠᠨᠳᠣᠵᠣ ᠪᠠᠭᠤᠪᠠᠯ ᠠᠷᠪᠠᠨ ᠨᠢᠭᠡᠨ ᠬᠤᠪᠢ ᠣᠯᠣᠨ᠎ᠠ᠂ ᠲᠡᠬᠦᠨ ᠢ ᠪᠠᠰᠠ ︽ᠰᠠᠶᠢᠨ ᠮᠣᠷᠢᠨ ᠤ ᠶᠠᠪᠣᠳᠠᠯ︾ ᠭᠡᠳᠡᠭ ② ᠬᠤᠶᠠᠷ ᠨᠢ ᠲᠣᠷᠣᠭᠰᠢ ᠬᠠᠨᠳᠣᠵᠣ ᠲᠦᠷᠪᠡ ᠨᠢ ᠲᠡᠭᠡᠭᠰᠢ ᠬᠠᠨᠳᠣᠵᠣ ᠪᠠᠭᠤᠪᠠᠯ ᠬᠤᠶᠠᠷ ᠬᠤᠪᠢ ᠣᠯᠣᠨ᠎ᠠ᠃ ③ ᠭᠤᠷᠪᠠ ᠨᠢ ᠲᠣᠷᠣᠭᠰᠢ ᠬᠠᠨᠳᠣᠵᠣ ᠭᠤᠷᠪᠠ ᠨᠢ ᠲᠡᠭᠡᠭᠰᠢ ᠬᠠᠨᠳᠣᠵᠣ ᠪᠠᠭᠤᠪᠠᠯ ᠭᠤᠷᠪᠠᠨ ᠬᠤᠪᠢ ᠣᠯᠣᠨ᠎ᠠ᠃ ④ ᠲᠦᠷᠪᠡ ᠨᠢ ᠲᠣᠷᠣᠭᠰᠢ ᠬᠠᠨᠳᠣᠵᠣ ᠬᠤᠶᠠᠷ ᠨᠢ ᠲᠡᠭᠡᠭᠰᠢ ᠬᠠᠨᠳᠣᠵᠣ ᠪᠠᠭᠤᠪᠠᠯ ᠲᠦᠷᠪᠡᠨ ᠬᠤᠪᠢ ᠣᠯᠣᠨ᠎ᠠ᠃ ⑤ ᠲᠡᠪᠤ ᠨᠢ ᠲᠣᠷᠣᠭᠰᠢ ᠬᠠᠨᠳᠣᠵᠣ ᠨᠢᠭᠡ ᠨᠢ ᠲᠡᠭᠡᠭᠰᠢ ᠬᠠᠨᠳᠣᠵᠣ ᠪᠠᠭᠤᠪᠠᠯ ᠬᠤᠷᠢᠨ ᠲᠠᠪᠣᠨ ᠬᠤᠪᠢ ᠣᠯᠣᠨ᠎ᠠ᠃ ᠡᠭᠦᠨ ᠢ ᠪᠠᠰᠠ ︽ᠰᠠᠶᠢᠨ ᠮᠣᠷᠢᠨ ᠤ ᠶᠠᠪᠣᠳᠠᠯ︾ ᠭᠡᠳᠡᠭ᠃ ⑥ ᠵᠢᠷᠭᠤᠭ᠎ᠠ ᠨᠢ ᠲᠣᠷᠣᠭᠰᠢ ᠬᠠᠨᠳᠣᠵᠣ ᠪᠠᠭᠤᠪᠠᠯ ᠠᠷᠪᠠᠨ ᠬᠤᠶᠠᠷ ᠬᠤᠪᠢ ᠣᠯᠣᠨ᠎ᠠ᠃ ᠡᠭᠦᠨ ᠢ ᠪᠠᠰᠠ ︽ᠪᠢᠳᠡᠭᠦᠣ ᠠᠷᠪᠠᠨ ᠬᠤᠶᠠᠷ 》 ᠪᠠ ︽ᠪᠠᠭ ᠬᠠᠷ᠎ᠠ︾ ᠭᠡᠳᠡᠭ᠃ ⑦ ᠵᠢᠷᠭᠤᠭ᠎ᠠ ᠪᠦᠭᠦᠳᠡᠭᠡᠷ ᠲᠡᠭᠡᠭᠰᠢ ᠬᠠᠨᠳᠣᠵᠣ ᠪᠠᠭᠤᠪᠠᠯ ᠵᠢᠷᠭᠤᠭᠠᠨ ᠬᠤᠪᠢ ᠣᠯᠣᠨ᠎ᠠ᠃ ᠡᠭᠦᠨ ᠢ ᠪᠠᠰᠠ ︽ᠴᠠᠭᠠᠬᠢᠷ ᠵᠢᠷᠭᠤᠭ᠎ᠠ 》 ᠭᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号