ᠪᠤᠭᠤ ᠶᠢᠨ ᠰᠢᠭᠦᠯᠳᠡ ᠶᠢᠨ ᠨᠠᠷ᠎ᠠ
ᠨᠡᠶᠢᠲᠡᠯᠡᠭᠰᠡᠨ ᠴᠠᠭ᠄
2019/12/11
1 ᠬᠠᠮᠤᠭ ᠤᠨ ᠮᠠᠭᠤ ᠪᠠᠷ ᠱᠦᠭᠦᠭᠳᠡᠭᠦ ᠶᠢ ᠪᠦᠯᠳᠡᠭᠡᠨ ᠲᠡᠩᠨᠡᠭᠡ ᠭᠡᠳᠡᠭ᠃ ᠪᠡᠰᠠ ᠠᠴᠣᠯᠠᠨ᠎ᠠ ᠭᠡᠨ᠎ᠡ᠃ ᠡᠨᠡ ᠱᠦᠭᠦᠯᠳᠡ ᠳᠤ ᠵᠠᠪᠠᠯ ᠠᠷᠪᠠᠨ ᠵᠢᠷᠭᠤᠭᠠᠨ ᠬᠤᠨᠢ ᠪᠠᠶᠢᠬᠤ ᠬᠡᠷᠡᠭᠲᠠᠢ᠃ ᠬᠤᠶᠠᠷ ᠴᠢᠨ᠋ᠸ᠎ᠠ ᠪᠠᠨ ᠪᠣᠭᠤ ᠶᠢᠨ ᠪᠠᠭᠤᠳᠠᠯ ᠎ ᠤᠨ ᠨᠢᠭᠡ ᠲᠠᠯ᠎ᠠ ᠶᠢᠨ ᠦᠨᠴᠦᠭ ᠤᠨ ᠬᠤᠶᠠᠷ ᠴᠡᠭ ᠳᠡᠭᠡᠷ᠎ᠡ ᠰᠢᠬᠠᠵᠣ ᠭᠠᠷᠭᠠᠬᠤ ᠶᠢ ᠬᠡᠯᠡᠨ᠎ᠡ᠃ 2 ᠴᠢᠬᠢᠨ ᠴᠢᠩᠨᠠᠭ᠎ᠠ ᠭᠡᠳᠡᠭ ᠪᠤᠯ ᠨᠢᠭᠡ ᠴᠢᠬᠢᠨ ᠳᠤ ᠰᠢᠬᠠᠵᠤ ᠤᠷᠤᠭᠤᠯᠤᠭᠠᠳ ᠬᠤᠨᠢᠴᠢᠨ ᠴᠢᠬᠢᠨ ᠤ ᠰᠠᠭᠤᠷᠢ ᠎ ᠶᠢᠨ ᠪᠠᠭᠠᠯᠵᠠᠭᠤᠷ ᠴᠡᠭ ᠶᠢ ᠪᠠᠯᠢᠶᠠᠵᠤ ᠠᠪᠤᠭᠠᠳ ᠴᠢᠨ᠋ᠸ᠎ᠠ ᠪᠠᠨ ᠰᠢᠬᠠᠬᠤ ᠶᠢ ᠬᠡᠯᠡᠨ᠎ᠡ᠃ 3 ᠬᠤᠷᠢᠶᠠᠨ ᠬᠤᠯᠬᠢᠶ᠎ᠠ ᠭᠡᠳᠡᠭ ᠪᠤᠯ ᠬᠤᠶᠠᠷ ᠴᠢᠨ᠋ᠸ᠎ᠠ ᠶᠢ ᠨᠢᠭᠡ ᠴᠢᠬᠢᠨᠳᠤ ᠰᠢᠬᠠᠵᠤ ᠤᠷᠤᠭᠤᠯᠤᠭᠰᠠᠨ ᠪᠤᠯᠪᠠᠴᠤ ᠴᠢᠬᠢᠨ ᠤ ᠰᠠᠭᠤᠷᠢ ᠶᠢᠨ ᠪᠠᠭᠠᠯᠵᠠᠭᠤᠷ ᠴᠡᠭ ᠢ ᠨᠢᠭᠡ ᠴᠢᠨ᠋ᠸ᠎ᠠ ᠪᠠᠷ ᠡᠵᠡᠯᠡᠭᠦᠯᠵᠤ ᠪᠠᠶᠢᠪᠠᠯ᠂ ᠨᠢᠭᠡ ᠴᠢᠨ᠋ᠸ᠎ᠠ ᠨᠢ ᠴᠢᠬᠢᠨ ᠳᠤᠲᠤᠷ᠎ᠠ ᠪᠠᠨ ᠳᠤᠷ᠎ᠠ ᠪᠠᠷ ᠬᠤᠯᠬᠢᠵᠤ ᠪᠠᠶᠢᠬᠤ ᠶᠢ ᠬᠡᠯᠡᠳᠡᠭ᠃ ᠦᠨᠡᠨ ᠳᠡᠭᠡᠨ ᠪᠤᠯ ᠲᠡᠭᠴᠡᠭᠦᠷᠢ ᠶᠢᠨ ᠪᠠᠶᠢᠳᠠᠯ ᠲᠠᠢ ᠪᠠᠶᠢᠳᠠᠭ᠃ 4 ᠡᠯᠵᠢᠬᠡᠨ ᠲᠡᠩᠨᠡᠭᠡ ᠪᠤᠯ ᠬᠤᠶᠠᠷ ᠴᠢᠨ᠋ᠸ᠎ᠠ ᠶᠢ ᠰᠠᠯᠭᠠᠨ᠂ ᠪᠤᠭᠤ ᠶᠢᠨ ᠪᠠᠭᠤᠳᠠᠯ ᠤᠨ ᠬᠤᠶᠠᠷ ᠲᠠᠯ᠎ᠠ ᠶᠢᠨ ᠳᠤᠮᠳᠠ ᠴᠡᠭ ᠳᠡᠭᠡᠷ᠎ᠡ ᠠᠪᠠᠴᠢᠵᠤ ᠠᠯᠪᠠ ᠪᠠᠷ ᠰᠢᠬᠠᠵᠤ ᠬᠤᠷᠢᠶᠠᠬᠤ ᠶᠢ ᠬᠡᠯᠡᠳᠡᠭ᠃ ᠡᠨᠡ ᠰᠡᠭᠦᠯᠲᠠ ᠲᠤᠩ ᠬᠤᠪᠤᠷ ᠳᠤᠬᠢᠶᠠᠯᠳᠤᠨ᠎ᠠ᠃ ᠮᠤᠩᠭᠤᠯ ᠤᠨ ᠲᠡᠤᠬᠡᠨ ᠲᠡᠭᠡᠷ᠎ᠠ᠂ ᠳᠦᠷᠪᠡᠨ ᠪᠤᠭᠤ ᠶᠢᠨ ᠰᠠᠭᠤᠳᠠᠯ ᠤᠨ ᠶᠡᠭᠡ ᠪᠠᠭ᠎ᠠ ᠳᠦᠷᠪᠡᠨ ᠴᠢᠬᠢ ᠶᠢ ᠬᠠᠰᠠᠭᠠᠳ ᠨᠡᠶᠢᠯᠡᠭᠦᠯᠵᠤ ᠲᠠᠯᠪᠢᠪᠠᠯ ᠳᠦᠷᠪᠡᠨ ᠴᠢᠬᠢ ᠲᠠᠢ ᠲᠤᠮᠤ ᠪᠤᠭᠤ ᠪᠤᠯᠳᠠᠭ᠃ ᠡᠭᠦᠨ ᠢ ᠲᠦᠪᠡᠳ ᠪᠠᠷ ᠰᠢᠪᠠᠭ᠎ᠠ ᠭᠠᠪᠵᠢ ᠭᠡᠳᠡᠭ᠃ ᠨᠤᠩᠭᠤᠯ ᠢᠶᠠᠷ ᠳᠦᠷᠪᠡᠨ ᠲᠤᠯᠤᠭᠠᠶᠢᠲᠤ ᠪᠤᠭᠤ ᠭᠡᠨ᠎ᠡ᠃ ᠡᠭᠦᠨ ᠢ ᠨᠠᠭᠠᠳᠬᠤ ᠳᠤ 96 ᠬᠤᠨᠢ ᠪᠠᠷ ᠨᠠᠢᠮᠠᠨ ᠴᠢᠨ᠋ᠸ᠎ᠠ ᠶᠢ ᠬᠤᠷᠢᠵᠤ ᠰᠢᠬᠠᠬᠤ ᠶᠠᠪᠤᠳᠠᠯ ᠪᠤᠯᠬᠤ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号