| ᠦᠬᠡ᠄ ᠴ᠊ · ᠮᠢᠨᠵᠢᠨ | ᠠᠶ᠎ᠠ᠄ ᠪ᠊ · ᠫᠦᠷᠪᠦᠰᠦ᠋ᠷᠦᠩ | ᠪᠤᠶᠠᠨᠵᠢᠷᠭᠠᠯ ᠲᠠᠭᠤᠯᠠᠪᠠ | | ᠰᠠᠨᠠᠬᠤ ᠦᠭᠡᠢ ᠯᠡ ᠬᠡᠰᠡᠨ ᠶᠤᠮ ᠡ ᠴᠢᠮᠠᠢᠢ ᠶᠢ ᠪᠢ | ᠰᠡᠮ ᠰᠡᠮᠬᠡᠨ ᠵᠡᠬᠦᠳᠦᠨ ᠳᠤ ᠮᠢᠨᠢ ᠢᠷᠡᠬᠦ ᠶᠤᠮ ᠡ | ᠰᠡᠳᠬᠢᠯ ᠪᠠᠨ ᠪᠢ ᠵᠠᠬᠢᠷᠴᠤ ᠲᠡᠶᠢᠯᠬᠦ ᠦᠭᠡᠢ | ᠰᠠᠶᠢᠬᠠᠨ ᠲᠦᠷᠢ ᠴᠢᠨᠢ ᠬᠠᠷᠠᠭᠳᠠᠭᠠᠳ ᠪᠤᠯᠬᠤ ᠦᠭᠡᠢ ᠡ᠃ | ᠬᠠᠶᠢᠷᠠᠯᠬᠠᠤ ᠦᠭᠡᠢ ᠬᠡᠰᠡᠨ ᠶᠤᠮ ᠡ ᠴᠢᠮᠠᠢᠢ ᠶᠢ ᠪᠢ | ᠬᠠᠷᠠᠩᠭᠤᠢ ᠰᠦᠨᠢ ᠪᠠᠷ ᠵᠡᠬᠦᠳᠦᠨ ᠳᠤ ᠴᠦ ᠢᠷᠡᠬᠦ ᠶᠤᠮ᠃ | ᠬᠠᠷᠠᠴᠠ ᠶᠢ ᠴᠢᠨᠢ ᠨᠢᠭᠤᠵᠤ ᠴᠢᠳᠠᠬᠤ ᠦᠭᠡᠢ | ᠬᠤᠩᠭᠤᠷ ᠴᠢᠨᠢ ᠮᠢᠨᠢ ᠮᠢᠰᠢᠶᠡᠭᠡᠳ ᠪᠤᠯᠬᠤ ᠦᠭᠡᠢ ᠳ᠋ᠠ᠃ | ᠪᠤᠳᠤᠬᠤ ᠦᠭᠡᠢ ᠯᠡ ᠬᠡᠰᠡᠨ ᠶᠤᠮ ᠡ ᠴᠢᠮᠠᠢᠢ ᠶᠢ ᠪᠢ | ᠪᠦᠳᠦᠨ ᠰᠦᠨᠢ ᠵᠡᠬᠦᠳᠦᠨ ᠳᠤ ᠮᠢᠨᠢ ᠢᠷᠡᠬᠦ ᠶᠤᠮ ᠡ | ᠪᠤᠳᠤᠯ ᠪᠠᠨ ᠪᠢ ᠵᠠᠬᠢᠷᠴᠤ ᠲᠡᠶᠢᠯᠬᠦ ᠦᠭᠡᠢ | ᠪᠤᠷᠬᠠᠨ ᠴᠢᠷᠠᠢ ᠴᠢᠨᠢ ᠬᠠᠷᠠᠭᠳᠠᠭᠠᠳ ᠪᠤᠯᠬᠤ ᠦᠭᠡᠢ ᠳ᠋ᠠ | ᠬᠠᠶᠢᠷᠠᠯᠬᠠᠤ ᠦᠭᠡᠢ ᠬᠡᠰᠡᠨ ᠶᠤᠮ ᠡ ᠴᠢᠮᠠᠢᠢ ᠶᠢ ᠪᠢ | ᠬᠠᠷᠠᠩᠭᠤᠢ ᠰᠦᠨᠢ ᠪᠠᠷ ᠵᠡᠬᠦᠳᠦᠨ ᠳᠤ ᠴᠦ ᠢᠷᠡᠬᠦ ᠶᠤᠮ᠃ | ᠬᠠᠷᠠᠴᠠ ᠶᠢ ᠴᠢᠨᠢ ᠨᠢᠭᠤᠵᠤ ᠴᠢᠳᠠᠬᠤ ᠦᠭᠡᠢ | ᠬᠤᠩᠭᠤᠷ ᠴᠢ ᠮᠢᠨᠢ ᠮᠢᠰᠢᠶᠡᠭᠡᠳ ᠪᠤᠯᠬᠤ ᠦᠭᠡᠢ ᠳ᠋ᠠ᠃ | ᠲᠤᠷᠠᠯᠠᠬᠤ ᠦᠭᠡᠢ ᠯᠡ ᠬᠡᠰᠡᠨ ᠶᠤᠮ ᠡ ᠴᠢᠮ᠎ᠠ ᠳᠠᠭᠠᠨ ᠪᠢ | ᠲᠦᠭᠦᠷᠡᠩ ᠰᠠᠷ᠎ᠠ ᠲᠠᠢ ᠳᠤ ᠵᠡᠬᠦᠳᠦᠨ ᠳᠤ ᠮᠢᠨᠢ ᠢᠷᠡᠬᠦ ᠶᠤᠮ ᠡ | ᠲᠤᠷᠠᠯᠠᠯ ᠪᠠᠨ ᠪᠢ ᠵᠠᠬᠢᠷᠴᠤ ᠲᠡᠶᠢᠯᠬᠦ ᠦᠭᠡᠢ | ᠲᠤᠭᠳᠤᠯᠬᠤ ᠵᠢᠷᠦᠭᠡ ᠮᠢᠨᠢ ᠲᠡᠩᠰᠡᠯᠡᠭᠡᠳ ᠪᠤᠳᠤᠭᠳᠠᠬᠤ ᠳ᠋ᠠ | ᠬᠠᠶᠢᠷᠠᠯᠠᠬᠤ ᠦᠭᠡᠢ ᠬᠡᠰᠡᠨ ᠶᠤᠮ ᠴᠢᠮᠠᠢᠢ ᠶᠢ ᠪᠢ | ᠬᠠᠷᠠᠩᠭᠤᠢ ᠰᠦᠨᠢ ᠪᠠᠷ ᠵᠡᠬᠦᠳᠦᠨ ᠳᠤ ᠴᠦ ᠢᠷᠡᠬᠦ ᠶᠤᠮ ᠡ᠃ | ᠬᠠᠷᠠᠴᠠ ᠶᠢ ᠴᠢᠨᠢ ᠨᠢᠭᠤᠵᠤ ᠴᠢᠳᠠᠬᠤ ᠦᠭᠡᠢ | ᠬᠤᠩᠭᠤᠷ ᠴᠢ ᠮᠢᠨᠢ ᠮᠢᠰᠢᠶᠡᠭᠡᠳ ᠪᠤᠯᠬᠤ ᠦᠭᠡᠢ ᠳ᠋ᠠ | ᠰᠠᠶᠢᠬᠠᠨ ᠴᠢ ᠮᠢᠨᠢ ᠮᠢᠰᠢᠶᠡᠭᠡᠳ ᠪᠤᠯᠬᠤ ᠦᠭᠡᠢ ᠳ᠋ᠠ᠃ | | |