| ᠦᠭᠡ᠄ ᠨᠠ᠊ ᠲᠡᠮᠡᠴᠡᠯᠳᠤ | ᠠᠶ᠎ᠠ᠄ ᠷᠠᠰᠢᠭᠧᠡ | ᠬᠤᠨᠤᠭ ᠤᠨ ᠰᠢᠪᠠᠭᠤ ᠰᠢᠭ᠋ ᠲᠤᠭᠤᠷᠢᠭᠠᠳ ᠠᠷᠢᠯᠳᠠᠭ | ᠬᠤᠩᠭᠤᠷᠬᠠᠨ ᠨᠠᠰᠤᠨ ᠤ ᠦᠷ᠎ᠡ ᠨᠠᠳᠠ ᠳᠠᠭᠠᠨ | ᠬᠤᠵᠢᠮ ᠢ ᠰᠠᠨᠠᠭᠤᠯᠳᠠᠭ ᠠᠪᠤ ᠶᠢᠨ ᠮᠢᠨᠢ ᠰᠤᠷᠭᠠᠯ ᠭᠡᠵᠤ | ᠬᠤᠤᠷ ᠲᠠᠢ ᠭᠠᠵᠠᠷ ᠢ ᠤᠨᠤᠭᠠᠳᠠᠭ ᠰᠤᠮᠤ ᠯᠠ ᠪᠠᠶᠢᠵᠠᠢ ᠭᠦ᠋ | ᠬᠠᠳᠠᠭᠤ ᠪᠠᠷ ᠬᠠᠶᠢᠷᠠᠯᠠᠳᠠᠭ ᠠᠪᠤ ᠶᠢᠨ ᠬᠠᠶᠢᠷ᠎ᠠ ᠶᠢ | ᠬᠠᠯᠠ ᠲᠠᠢ ᠭᠡᠴᠡᠭᠦᠤ ᠭᠡᠵᠤ ᠠᠳᠡᠭᠦᠷᠡᠵᠤ ᠶᠠᠪᠤᠯ᠎ᠠ | ᠬᠠᠰᠢᠷᠬᠠᠨ ᠪᠤᠯᠤᠭᠠᠳ ᠡᠷᠭᠢᠵᠤ ᠰᠠᠨᠠᠬᠤ ᠳᠤ | ᠬᠠᠮᠠᠷ ᠤᠨ ᠦᠵᠦᠭᠦᠷ ᠱᠠᠷᠭᠢᠷᠠᠭᠠᠳ ᠪᠠᠶᠢᠬᠤ ᠶᠤᠮ᠃ | ᠤᠰᠤᠨ ᠤ ᠠᠩᠭᠢᠷ ᠰᠢᠭ᠋ ᠬᠤᠤᠰᠯᠠᠨ ᠵᠢᠷᠭᠠᠳᠠᠭ | ᠤᠷᠭᠤᠭᠠᠬᠠᠨ ᠨᠠᠰᠤᠨ ᠤ ᠦᠷ᠎ᠡ ᠨᠠᠳᠠ ᠳᠠᠭᠠᠨ | ᠤᠭᠳᠤᠵᠤ ᠰᠠᠨᠠᠭᠤᠯᠳᠠᠭ ᠠᠪᠤ ᠶᠢᠨ ᠮᠢᠨᠢ ᠰᠤᠷᠭᠠᠯ ᠭᠡᠵᠤ | ᠤᠬᠠᠭᠠᠨ ᠤ ᠬᠠᠷᠠᠩᠭᠤᠢ ᠶᠢ ᠭᠡᠶᠢᠭᠦᠯᠳᠡᠭ ᠤᠳᠤ ᠯᠠ ᠪᠠᠶᠢᠵᠠᠢ ᠭᠦ᠋ | ᠬᠠᠳᠠᠭᠤ ᠪᠠᠷ ᠬᠠᠶᠢᠷᠠᠯᠠᠳᠠᠭ ᠠᠪᠤ ᠶᠢᠨ ᠬᠠᠶᠢᠷ᠎ᠠ ᠶᠢ | ᠬᠠᠯᠠ ᠲᠠᠢ ᠭᠡᠴᠡᠭᠦᠤ ᠭᠡᠵᠤ ᠠᠳᠡᠭᠦᠷᠡᠵᠤ ᠶᠠᠪᠤᠯ᠎ᠠ | ᠬᠠᠰᠢᠷᠬᠠᠨ ᠪᠤᠯᠤᠭᠠᠳ ᠡᠷᠭᠢᠵᠤ ᠰᠠᠨᠠᠬᠤ ᠳᠤ | ᠬᠠᠮᠠᠷ ᠤᠨ ᠦᠵᠦᠭᠦᠷ ᠱᠠᠷᠭᠢᠷᠠᠭᠠᠳ ᠪᠠᠶᠢᠬᠤ ᠶᠤᠮ᠃ | ᠪᠤᠯᠭᠢᠭᠰᠠᠨ ᠠᠭᠳᠠ ᠰᠢᠭ᠋ ᠵᠢᠯᠦᠭᠤ ᠦᠭᠡᠢ ᠰᠠᠪᠠᠳᠠᠭ | ᠪᠤᠯᠪᠠᠷᠠᠶᠢᠬᠠᠨ ᠨᠠᠰᠤᠨ ᠤ ᠦᠷ᠎ᠡ ᠨᠠᠳᠠ ᠳᠠᠭᠠᠨ | ᠪᠤᠷᠤᠭᠤ ᠶᠢ ᠵᠠᠰᠠᠳᠠᠭ ᠠᠪᠤ ᠶᠢᠨ ᠮᠢᠨᠢ ᠰᠤᠷᠭᠠᠯ ᠭᠡᠵᠤ | ᠪᠤᠷᠤᠩᠬᠤᠢ ᠭᠡᠮ ᠢ ᠨᠤᠮᠤᠬᠠᠳᠬᠠᠳᠠᠭ ᠲᠠᠷᠨᠢ ᠯᠠ ᠪᠠᠶᠢᠵᠠᠢ ᠭᠦ᠋ | ᠬᠠᠳᠠᠭᠤ ᠪᠠᠷ ᠬᠠᠶᠢᠷᠠᠯᠠᠳᠠᠭ ᠠᠪᠤ ᠶᠢᠨ ᠬᠠᠶᠢᠷ᠎ᠠ ᠶᠢ | ᠬᠠᠯᠠ ᠲᠠᠢ ᠭᠡᠴᠡᠭᠦᠤ ᠭᠡᠵᠤ ᠠᠳᠡᠭᠦᠷᠡᠵᠤ ᠶᠠᠪᠤᠯ᠎ᠠ | ᠬᠠᠰᠢᠷᠬᠠᠨ ᠪᠤᠯᠤᠭᠠᠳ ᠡᠷᠭᠢᠵᠤ ᠰᠠᠨᠠᠬᠤ ᠳᠤ | ᠬᠠᠮᠠᠷ ᠤᠨ ᠦᠵᠦᠭᠦᠷ ᠱᠠᠷᠭᠢᠷᠠᠭᠠᠳ ᠪᠠᠶᠢᠬᠤ ᠶᠤᠮ᠃ |