| ᠦᠭᠡ᠄ ᠵᠡ᠊ · ᠲᠦᠮᠡᠨᠵᠢᠷᠭᠠᠯ | ᠠᠶ᠎ᠠ᠄ ᠪᠡ᠊ · ᠰᠢᠷᠠᠪ | ᠡ᠊ · ᠡᠩᠭᠡᠨᠷᠳᠡᠨᠢ ᠳᠠᠭᠤᠯᠠᠪᠠ | ᠬᠥᠮᠥᠨ ᠤ ᠭᠠᠵᠠᠷ ᠡᠷᠳᠡᠮ ᠰᠤᠷᠬᠤ ᠪᠠᠷ ᠬᠦᠷᠦᠭᠡᠳ ᠢᠷᠡᠬᠦ ᠳᠡᠭᠡᠨ ᠪᠢ ᠴᠢᠨᠢ | ᠬᠥᠭᠰᠢᠨ ᠪᠤᠭᠤᠷᠤᠯ ᠡᠵᠢ ᠶᠢ ᠪᠠᠨ ᠣᠷᠬᠢᠭᠠᠳ ᠭᠠᠷᠤᠯ᠎ᠠ ᠳ᠋ᠠ | ᠬᠥᠮᠦᠰᠬᠡᠨ ᠳᠣᠣᠷ᠎ᠠ ᠪᠠᠨ ᠨᠢᠯᠪᠤᠰᠤ ᠮᠡᠯᠲᠡᠷᠡᠭᠦᠯᠦᠭᠡᠳ ᠤᠬᠢᠯᠠᠭᠠᠳ ᠦᠯᠡᠳᠡᠭᠰᠡᠨ ᠡᠵᠢ ᠳᠡᠭᠡᠨ | ᠬᠥᠬᠦᠭᠡᠨ ᠳᠠᠭᠤᠨ ᠤ ᠡᠬᠢᠨ ᠤ ᠰᠠᠷ᠎ᠠ ᠳᠠᠭᠠᠨ ᠣᠴᠢᠭᠠᠳ ᠵᠣᠯᠭᠠᠨ᠎ᠠ ᠳ᠋ᠠ | ᠠ ᠁ ᠠ ᠁ | ᠣᠴᠢᠭᠠᠳ ᠵᠣᠯᠭᠠᠨ᠎ᠠ ᠳ᠋ᠠ | ᠠᠯᠤᠰ ᠤᠨ ᠭᠠᠵᠠᠷ ᠡᠷᠳᠡᠮ ᠰᠤᠷᠬᠤ ᠪᠠᠷ ᠬᠦᠷᠦᠭᠡᠳ ᠢᠷᠡᠬᠦ ᠳᠡᠭᠡᠨ ᠪᠢ ᠴᠢᠨᠢ | ᠠᠵᠠᠢ ᠪᠤᠭᠤᠷᠤᠯ ᠠᠪᠤ ᠶᠢ ᠪᠠᠨ ᠣᠷᠬᠢᠭᠠᠳ ᠭᠠᠷᠤᠯ᠎ᠠ ᠳ᠋ᠠ | ᠠᠨᠢᠰᠬᠠᠨ ᠳᠣᠣᠷ᠎ᠠ ᠪᠠᠨ ᠨᠢᠯᠪᠤᠰᠤ ᠮᠡᠯᠲᠡᠷᠡᠭᠦᠯᠦᠭᠡᠳ ᠤᠬᠢᠯᠠᠭᠠᠳ ᠦᠯᠡᠳᠡᠭᠰᠡᠨ ᠠᠪᠤ ᠳᠠᠭᠠᠨ | ᠠᠯᠠᠭ ᠴᠡᠴᠡᠭ ᠤᠨ ᠡᠬᠢᠨ ᠰᠠᠷ᠎ᠠ ᠳᠠᠭᠠᠨ ᠣᠴᠢᠭᠠᠳ ᠵᠣᠯᠭᠠᠨ᠎ᠠ ᠳ᠋ᠠ | ᠠ ᠁ ᠠ ᠁ | ᠣᠴᠢᠭᠠᠳ ᠵᠣᠯᠭᠠᠨ᠎ᠠ ᠳ᠋ᠠ | | ᠬᠤᠯᠠ ᠶᠢᠨ ᠭᠠᠵᠠᠷ ᠡᠷᠳᠡᠮ ᠰᠤᠷᠬᠤ ᠪᠠᠷ ᠬᠦᠷᠦᠭᠡᠳ ᠢᠷᠡᠬᠦ ᠳᠡᠭᠡᠨ ᠪᠢ ᠴᠢᠨᠢ | ᠬᠤᠷᠸ᠎ᠠ ᠳᠤ ᠭᠠᠭᠴᠠᠬᠠᠨ ᠨᠤᠲᠤᠭ ᠤᠰᠤ ᠪᠠᠨ ᠣᠷᠬᠢᠭᠠᠳ ᠭᠠᠷᠤᠯ᠎ᠠ ᠳ᠋ᠠ | ᠬᠤᠯᠪᠣᠭ᠎ᠠ ᠨᠠᠭᠤᠷ ᠤᠨ ᠴᠡᠩᠬᠡᠷ ᠮᠡᠯᠮᠡᠢ ᠴᠠᠩᠲᠤᠭᠠᠳ ᠦᠯᠡᠳᠡᠭᠰᠡᠨ ᠨᠤᠲᠤᠭ ᠲᠠᠭᠠᠨ | ᠬᠤᠷ᠎ᠠ ᠲᠠᠢ ᠵᠤᠨ ᠤ ᠡᠬᠢᠨ ᠰᠠᠷ᠎ᠠ ᠳᠠᠭᠠᠨ ᠣᠴᠢᠭᠠᠳ ᠵᠣᠯᠭᠠᠨ᠎ᠠ ᠳ᠋ᠠ | ᠠ ᠁ ᠠ ᠁ | ᠣᠴᠢᠭᠠᠳ ᠵᠣᠯᠭᠠᠨ᠎ᠠ ᠳ᠋ᠠ | |