ᠢᠰᠢᠳᠠᠨᠽᠠᠨᠸᠠᠩᠵᠢᠯ
ᠨᠡᠶᠢᠲᠡᠯᠡᠭᠰᠡᠨ ᠴᠠᠭ᠄
2019/12/13
ᠢᠰᠢᠳᠠᠨᠽᠠᠨᠸᠠᠩᠵᠢᠯ ( 1854 –1907 ) ᠮᠤᠩᠭᠤᠯ ᠦᠨᠲᠦᠰᠦᠲᠡᠨ ᠤ ᠤᠷᠴᠢᠨ ᠦᠶ᠎ᠡ ᠶᠢᠨ ᠰᠢᠯᠦᠭᠴᠢ᠃ ᠤᠤᠯ ᠤᠨ ᠴᠠᠬᠠᠷ ᠠᠶᠢᠮᠠᠭ ᠤᠨ ᠬᠦᠪᠡᠭᠡᠲᠦ ᠴᠠᠭᠠᠨ ᠬᠤᠰᠢᠭᠤᠨ ᠤ ᠬᠦᠮᠦᠨ᠃ ᠲᠡᠷᠡ 7 ᠨᠠᠰᠤᠲᠠᠢ ᠳᠠᠭᠠᠨ ᠤᠷᠲᠤᠰ ᠤᠨ ᠵᠢᠶᠦ᠋ᠨ ᠸᠠᠩ ᠬᠤᠰᠢᠭᠤᠨ ᠤ ᠬᠦᠩ ᠤᠨ ᠵᠤᠤ ᠳᠤ ᠱᠠᠪᠷᠤᠩ ᠢᠶᠠᠷ ᠵᠠᠯᠠᠬᠳᠠᠵᠦ᠂ 15 ᠨᠠᠰᠤᠯᠠᠲᠠᠯ᠎ᠠ  ᠪᠠᠨ ᠲᠦᠪᠡᠳ ᠨᠤᠮ ᠰᠤᠷᠴᠤ᠂ ᠰᠢᠮᠲᠠᠨ ᠰᠤᠷᠤᠯᠴᠠᠵᠤ ᠵᠤᠷᠢᠬᠲᠠᠢ ᠤᠷᠤᠯᠲᠤᠨ ᠰᠢᠯᠦᠭ ᠪᠢᠴᠢᠬᠦ ᠪᠤᠯᠵᠠᠢ᠃ ᠬᠤᠷᠢᠨ ᠬᠡᠲᠦᠨ ᠨᠠᠰᠤᠨ ᠳᠠᠭᠠᠨ ᠪᠠᠷᠠᠭᠤᠨ ᠭᠤᠮᠪᠤᠮ ᠳᠤ ᠤᠴᠢᠵᠤ ᠬᠡᠲᠦᠨ ᠵᠢᠯ ᠰᠤᠷᠭᠠᠯ ᠬᠢᠵᠦ᠂ ᠭᠤᠴᠢᠨ ᠬᠡᠲᠦᠨ ᠨᠠᠰᠤᠨ ᠠᠴᠠ ᠪᠠᠨ ᠡᠬᠢᠯᠡᠵᠦ ᠤᠷᠲᠤᠰ ᠤᠨ ᠲᠤᠯᠤᠭᠠᠨ ᠬᠤᠰᠢᠭᠤ᠂ ᠰᠢᠯᠢ ᠶᠢᠨ ᠭᠤᠤᠯ᠂ ᠴᠠᠬᠠᠷ ᠤᠨ ᠤᠯᠠᠨ ᠬᠤᠰᠢᠭᠤᠳ ᠢᠶᠠᠷ ᠮᠦᠷᠬᠦᠯ ᠲᠠᠯᠪᠢᠨ ᠡᠮ ᠪᠠᠷᠢᠵᠤ ᠵᠢᠭᠤᠴᠢᠯᠠᠨ ᠶᠠᠪᠤᠪᠠ᠃ ᠲᠡᠷᠡ ᠲᠦᠪᠡᠳ ᠤᠨ ︽ᠲᠦᠷᠪᠡᠨ ᠦᠨᠲᠦᠰᠦ︾ ᠬᠡᠳᠡᠭ ᠡᠮ ᠤᠨ ᠵᠤᠷ ᠢ ᠰᠢᠨᠡᠴᠢᠯᠡᠵᠦ ᠮᠤᠩᠭᠤᠯ ᠤᠷᠤᠨ ᠤ ᠬᠦᠮᠦᠰ ᠤᠨ ᠪᠡᠶ᠎ᠡ ᠮᠠᠬᠠᠪᠤᠳ  ᠲᠤ ᠲᠤᠬᠢᠷᠠᠭᠤᠯᠤᠨ ︽ᠰᠤᠪᠤᠳ ᠤᠨ ᠤᠨᠵᠢᠯᠭ᠎ᠠ︾᠂ ︽ᠱᠢᠷᠦ ᠶᠢᠨ ᠤᠨᠵᠢᠯᠭ᠎ᠠ︾᠂ ︽ᠡᠷᠲᠡᠨᠢ ᠶᠢᠨ ᠤᠨᠵᠢᠯᠭ᠎ᠠ ︾ ᠬᠡᠬᠦ ᠭᠤᠷᠪᠠᠨ ᠵᠤᠶᠢᠯ ᠤᠨ ᠰᠢᠨ᠎ᠡ ᠡᠮ ᠤᠨ ᠵᠤᠷ ᠢ ᠲᠦᠪᠡᠳ ᠢᠶᠠᠷ ᠵᠤᠬᠢᠶᠠᠵᠤ ᠡᠮ ᠪᠠᠷᠢᠵᠤ ᠶᠠᠪᠤᠵᠠᠢ᠃ ᠲᠡᠬᠦᠨ  ᠤ ᠰᠢᠯᠦᠭ ᠤᠳ ᠠᠴᠠ ᠤᠯᠠᠨ ᠳᠤ ᠲᠡᠯᠬᠡᠷᠡᠭᠰᠡᠨ ᠨᠢ 5 ᠪᠦᠯᠦᠭ ᠲᠠᠢ 84 ᠰᠢᠯᠦᠭ ᠪᠤᠯᠬᠤ ᠪᠦᠬᠡᠳ 7 ᠪᠦᠯᠦᠭ  ᠲᠠᠢ ᠨᠢ ᠨᠡᠶᠢᠲᠡ 132 ᠰᠢᠯᠦᠭ ᠪᠤᠢ᠃ ᠲᠡᠷᠡ ᠰᠢᠯᠦᠭ ᠤᠨ ᠢᠶᠠᠨ ᠲᠤᠲᠤᠷ᠎ᠠ ᠬᠠᠷ᠎ᠠ ᠰᠢᠷ᠎ᠠ ᠹᠧᠤᠳᠠᠯᠴᠤᠳ ᠢ ᠶᠠᠰᠤᠨ ᠳᠤᠨᠢ ᠤᠷᠤᠲᠠᠯ᠎ᠠ ᠢᠯᠡᠴᠢᠯᠡᠭᠰᠡᠨ ᠢᠶᠠᠷ ᠪᠤᠯᠪᠠᠴᠤ ᠰᠢᠷ᠎ᠠ ᠶᠢᠨ ᠱᠠᠰᠢᠨ ᠢ ᠪᠦᠷᠢᠮᠦᠰᠦᠨ ᠦᠬᠡᠶᠢᠰᠬᠡᠬᠦ ᠶᠢᠨ ᠲᠦᠯᠦᠬᠡ ᠪᠢᠰᠢ᠂ ᠬᠠᠷᠢᠨ ᠢᠯᠵᠠᠷᠠᠮᠠᠯ ᠨᠢᠬᠡ ᠲᠠᠯ᠎ᠠ ᠶᠢ ᠨᠢ ᠪᠤᠷᠤᠭᠤᠰᠢᠶᠠᠨ ᠰᠢᠬᠦᠮᠵᠢᠯᠡᠵᠦ ᠬᠠᠯᠠᠨ ᠰᠠᠶᠢᠵᠢᠷᠠᠭᠤᠯᠬᠤ  ᠶᠢ ᠬᠦᠰᠡᠭᠰᠡᠨ ᠶᠤᠮ᠃ ᠲᠡᠬᠦᠨ ᠤ ᠰᠤᠷᠭᠠᠯ ᠰᠢᠯᠦᠭ ᠨᠢ ᠹᠧᠤᠳᠠᠯ ᠢ ᠢᠯᠡᠴᠢᠯᠡᠨ ᠰᠢᠬᠦᠮᠵᠢᠯᠡᠭᠰᠡᠨ ᠠᠷᠠᠳᠴᠢᠯᠠᠬᠰᠠᠨ ᠴᠢᠨᠠᠷᠲᠠᠢ ᠪᠠᠷ ᠪᠠᠷᠠᠬᠤ ᠦᠬᠡᠢ᠂ ᠤᠷᠠᠯᠢᠭ ᠤᠨ ᠲᠠᠯ᠎ᠠ ᠪᠠᠷ ᠴᠦ ᠨᠡᠯᠢᠶᠡᠳ ᠠᠮᠵᠢᠯᠲᠠ ᠲᠠᠢ᠃ ᠲᠡᠷᠡ ᠰᠢᠯᠦᠭ ᠤᠨ  ᠢᠶᠠᠨ ︽ᠴᠤᠬᠢᠯᠭ᠎ᠠ ᠶᠢ ᠬᠤᠭᠤᠷ ᠱᠠᠨᠵᠠ ᠵᠡᠷᠬᠡ ᠬᠦᠭᠵᠢᠮ ᠤᠨ ᠠᠶᠢᠵᠠᠮ ᠴᠤᠬᠢᠯᠭ᠎ᠠ ᠪᠤᠶᠤ ᠲᠡᠮᠡᠬᠡᠨ ᠤ ᠠᠯᠬᠤᠭ᠎ᠠ  ᠪᠠᠷ ᠲᠠᠭᠠᠷᠠᠭᠤᠯᠲᠠᠭ︾ ᠪᠠᠶᠢᠬᠰᠠᠨ ᠲᠤᠯᠠ ᠠᠶᠢᠵᠠᠮ ᠴᠤᠬᠢᠯᠭ᠎ᠠ ᠨᠢ ᠴᠢᠩᠭ᠎ᠠ᠂ ᠦᠬᠡ ᠬᠡᠯᠡᠯᠬᠡ ᠨᠢ ᠢᠷᠠᠭᠤ᠂ ᠲᠤᠯᠤᠭᠠᠢ ᠬᠤᠯᠪᠤᠨ ᠰᠡᠬᠦᠯ ᠲᠠᠷᠤᠰᠢᠭᠤᠯᠵᠤ ᠦᠬᠡ ᠵᠡᠷᠬᠡᠴᠡᠬᠦᠯᠦᠭᠰᠡᠨ ᠠᠴᠠ ᠤᠩᠰᠢᠬᠤ ᠳᠤ ᠡᠪᠯᠢᠭ ᠮᠦᠷᠲᠡᠬᠡᠨ ᠤᠷᠠᠨ ᠲᠤᠲᠤ ᠲᠦᠷᠰᠦᠯᠡᠯ ᠲᠠᠢ᠂ ᠠᠶᠠᠲᠠᠢ ᠰᠠᠶᠢᠬᠠᠨ ᠠᠳᠠᠯᠢᠳᠬᠠᠯ ᠵᠤᠶᠢᠷᠯᠡᠯ ᠲᠠᠢ᠂ ᠬᠦᠨ ᠤᠬᠠᠭᠠᠨᠴᠢ ᠴᠢᠨᠠᠷ  ᠢᠶᠠᠷ ᠶᠡᠭᠡ ᠬᠡᠬᠦ ᠵᠡᠷᠬᠡ ᠶᠢᠨ ᠦᠪᠡᠷᠮᠢᠴᠡ ᠤᠨᠴᠠᠯᠢᠭ ᠲᠠᠢ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号