ᠠᠪᠳᠠᠷᠠᠳᠦ ᠶᠢᠨ ᠲᠤᠮᠤᠭ
ᠨᠡᠶᠢᠲᠡᠯᠡᠭᠰᠡᠨ ᠴᠠᠭ᠄
2019-12-05
           ᠡᠷᠳᠡ ᠤᠷᠢᠳᠤ ᠶᠢᠨ ᠴᠠᠭ ᠲᠤ ᠭᠡᠨ᠎ᠡ᠃ ᠲᠠᠩᠰᠤᠭ ᠯᠠᠮᠠ ᠪᠠᠷᠠᠭᠤᠨ ᠲᠡᠭᠷᠢ ᠶᠢ ᠵᠤᠷᠢᠵᠤ ᠱᠠᠭᠵᠠᠮᠤᠨᠢ ᠪᠤᠷᠬᠠᠨ ᠲᠠᠢ ᠵᠤᠯᠭᠠᠨ ᠨᠤᠮ ᠵᠠᠯᠠᠬᠤ ᠪᠠᠷ ᠶᠠᠪᠤᠬᠤ ᠠᠴᠠ ᠡᠮᠦᠨᠡᠬᠢ ᠲᠡᠪᠤᠨ ᠵᠠᠭᠤᠨ ᠵᠢᠯ ᠤᠨ ᠤᠴᠢᠷ ᠪᠢᠯᠡ᠃ ᠪᠡᠴᠢᠨ ᠪᠠᠭᠰᠢ ᠵᠡᠭᠦᠨ ᠲᠠᠯᠠᠢ ᠶᠢᠨ ᠯᠤᠤᠰ ᠤᠨ ᠬᠠᠭᠠᠨ ᠲᠠᠢ ᠵᠤᠯᠭᠠᠨ ᠴᠡᠷᠢᠭ ᠤᠨ ᠵᠡᠪᠰᠡᠭ ᠭᠤᠶᠤᠴᠢᠯᠠᠭᠰᠠᠨ᠎ᠠ᠂ ᠲᠡᠷᠡ ᠤᠯᠠᠨ ᠵᠡᠪᠰᠡᠭ ᠤᠨ ᠲᠤᠮᠳᠠ ᠠᠴᠠ ᠰᠣᠩᠭᠤᠵᠣ ᠰᠣᠩᠭᠤᠵᠣ ᠨᠢᠭᠡ ᠲᠦᠮᠡ ᠭᠤᠷᠪᠠᠨ ᠮᠢᠩᠭ᠎ᠠ ᠲᠠᠪᠤᠨ ᠵᠠᠭᠤᠨ ᠵᠢᠩ ᠤᠨ ᠠᠯᠳᠠᠨ ᠲᠤᠯᠳᠤᠳᠤ ᠰᠢᠳᠠᠮ ᠢ ᠦᠵᠡᠭᠡᠳ ᠶᠡᠬᠡᠳᠡ ᠲᠠᠭᠠᠰᠢᠶᠠᠨ ᠭᠠᠷ ᠲᠠᠭᠠᠨ ᠪᠠᠷᠢᠨ ᠬᠡᠳᠦᠨᠳᠡ ᠡᠷᠬᠢᠭᠦᠯᠦᠭᠡᠳ ᠯᠤᠤᠰ ᠤᠨ ᠬᠠᠭᠠᠨ ᠤ ᠪᠤᠯᠤᠷ ᠤᠷᠳᠤᠨ ᠢ ᠲᠠᠶᠢᠪᠢᠯᠵᠠᠭᠤᠯᠤᠨ ᠲᠤᠷᠬᠢᠭᠤᠯᠬᠤ ᠳᠤ ᠯᠤᠤᠰ ᠤᠨ ᠬᠠᠭᠠᠨ ᠮᠠᠰᠢ ᠰᠦᠷᠳᠡᠪᠡ᠃ ᠵᠢᠴᠢ ᠡᠮᠦᠨᠡᠳᠦ ᠲᠠᠯᠠᠢ᠂ ᠬᠤᠶᠢᠳᠤ ᠲᠠᠯᠠᠢ ᠪᠠ ᠪᠠᠷᠠᠭᠤᠨ ᠲᠠᠯᠠᠢ ᠶᠢᠨ ᠯᠤᠤᠰ ᠤᠨ ᠬᠠᠭᠠᠳ ᠢ ᠵᠠᠮ ᠲᠤᠵᠢ ᠲᠦᠢᠪᠡᠭᠡᠨ ᠣᠳᠪᠠ᠃ ᠲᠦᠷᠪᠠᠨ ᠯᠤᠤᠰ ᠤᠨ ᠬᠠᠭᠠᠨ ᠶᠡᠬᠡᠳᠡ ᠠᠭᠤᠷᠯᠠᠵᠤ ᠬᠤᠷᠮᠤᠰᠳᠠ ᠲᠡᠭᠷᠢ ᠳᠤ ᠵᠠᠭᠠᠯᠳᠤᠪᠠ᠃ ᠬᠤᠷᠮᠤᠰᠳᠠ ᠲᠡᠭᠷᠢ ᠶᠢᠨ ᠴᠡᠷᠢᠭ ᠵᠠᠩᠵᠤᠨ ᠢᠶᠠᠨ ᠲᠤᠮᠢᠯᠠᠵᠤ ᠲᠡᠭᠦᠨ ᠢ ᠪᠠᠷᠢᠪᠴᠢᠯᠠᠬᠤ ᠪᠠᠷ ᠪᠤᠯᠪᠠ᠃ ᠡᠨᠡ ᠦᠶ᠎ᠡ ᠳᠤ ᠱᠤᠭᠠᠷ᠎ᠠ ᠭᠠᠷᠠᠭ ᠠᠷᠭ᠎ᠠ ᠭᠠᠷᠭᠠᠨ ᠠᠯᠠᠯᠳᠤᠭᠠᠨ ᠲᠤᠯᠤᠯᠳᠤᠭᠠᠨ ᠬᠢᠬᠦ ᠶᠢᠨ ᠤᠷᠤᠨ ᠳᠤ ᠠᠰᠤᠷᠢ ᠲᠡᠭᠷᠢ ᠶᠢᠨ ᠣᠷᠳᠣᠨ ᠳᠤ ᠤᠷᠤᠭᠤᠯᠤᠨ ᠠᠪᠴᠤ ᠨᠢᠭᠡᠨ ᠦᠴᠦᠬᠡᠨ ᠵᠡᠷᠭᠡ ᠲᠤᠰᠢᠶᠠᠯ ᠦᠭᠴᠢᠬᠡᠪᠠᠯ ᠲᠠᠬᠦᠨ ᠢ ᠡᠵᠡᠮᠳᠡᠨ ᠵᠠᠬᠢᠷᠴᠤ ᠪᠣᠯᠤᠨ᠎ᠠ ᠭᠡᠰᠡᠨ ᠳᠤ ᠬᠤᠷᠮᠤᠰᠳᠠ ᠵᠦᠪᠰᠢᠶᠡᠷᠡᠪᠡ᠃         ᠬᠤᠷᠮᠤᠰᠳᠠ ᠪᠠᠴᠢᠨ ᠪᠠᠭᠰᠢ ᠶᠢ ᠮᠤᠷᠢ ᠠᠷᠠᠴᠢᠯᠠᠭᠴᠢ ᠲᠦᠰᠢᠮᠡᠯ ᠡᠷᠭᠦᠮᠵᠢᠯᠡᠵᠡᠢ᠃ ᠨᠢᠭᠡᠨ ᠡᠳᠥᠷ ᠪᠡᠴᠢᠨ ᠪᠠᠭᠰᠢ ᠮᠣᠷᠢ ᠠᠷᠠᠴᠢᠯᠠᠭᠴᠢ ᠪᠣᠰᠣᠳ ᠳᠥᠰᠢᠮᠡᠳ ᠲᠠᠢ ᠪᠠᠨ ᠨᠠᠷᠭᠢᠯᠳᠣᠨ ᠵᠣᠭᠤᠭᠳᠠᠬᠤ ᠳᠣᠮᠳᠠ᠄ ︽ᠥᠪᠡᠷ ᠤᠨ ᠵᠡᠷᠭᠡ ᠵᠢᠩᠰᠡ ᠡᠶᠢᠮᠥ ᠳᠣᠮᠣ ᠪᠠᠶᠢᠳᠠᠯ᠎ᠠ ᠶᠠᠭᠠᠬᠢᠭᠠᠳ ᠨᠠᠮᠠᠢᠢ ᠬᠥᠮᠥᠨ ᠢᠶᠠᠷ ᠥᠵᠡᠬᠦ ᠥᠭᠡᠢ ᠶᠣᠮ︾ ᠭᠡᠵᠥ  ᠭᠤᠮᠣᠳᠠᠯ ᠢᠶᠠᠨ ᠳᠣᠭᠠᠴᠢᠬᠤ ᠳᠤ ᠪᠣᠰᠣᠳ ᠬᠡᠳᠥ ᠨᠢ᠄ ︽ᠴᠢ ᠪᠣᠯ ᠠᠳᠣᠭᠤ ᠮᠠᠯ ᠳᠠᠭᠠᠨ ᠨᠣᠶᠠᠨ ᠠᠴᠠ ᠪᠢᠰᠢ ᠠᠰᠣᠷᠢ ᠲᠩᠷᠢ ᠶᠢᠨ ᠣᠷᠣᠨ ᠳᠤ ᠶᠠᠭᠤ ᠴᠦ ᠪᠢᠰᠢ︾ ᠭᠡᠵᠥ ᠬᠠᠷᠢᠭᠤᠯᠵᠠᠢ᠃ ᠪᠡᠴᠢᠨ ᠪᠠᠭᠰᠢ ᠬᠤᠷᠮᠣᠰᠳᠠ ᠳᠤ ᠮᠡᠬᠡᠯᠡᠭᠳᠡᠭᠰᠡᠨ ᠢᠶᠠᠨ ᠮᠡᠳᠡᠭᠡᠳ ᠠᠭᠤᠰᠬᠢ ᠵᠢᠷᠥᠬᠡ ᠨᠢ ᠰᠠᠬᠭᠠᠵᠣ᠂ ᠠᠭᠤᠷ ᠬᠢᠯᠢᠩ ᠨᠢ ᠪᠠᠳᠠᠷᠠᠵᠣ᠂ ᠠᠭᠤᠯᠵᠠᠭᠰᠠᠨ ᠪᠥᠬᠦᠨ ᠢ ᠵᠠᠨᠴᠢᠵᠣ᠂ ᠰᠠᠨᠰᠠᠷ ᠤᠨ ᠣᠷᠳᠣᠨ᠎ᠠ ᠰᠠᠨᠠᠭᠠᠨ ᠳᠣᠷ᠎ᠠ ᠪᠠᠷ ᠢᠶᠠᠨ ᠳᠥᠢᠪᠡᠭᠡᠵᠠᠢ᠃ ᠬᠤᠷᠮᠣᠰᠳᠠ ᠰᠣᠨᠣᠰᠣᠭᠠᠳ ᠮᠠᠰᠢ ᠬᠢᠯᠢᠩᠨᠡᠵᠥ ᠰᠣᠪᠣᠷᠭᠠᠳᠣ ᠮᠠᠬᠠᠷᠠᠨᠽᠠ ᠪᠣᠯᠣᠨ ᠨᠧ ᠵᠠ ᠶᠢ ᠳᠣᠮᠢᠯᠠᠨ ᠪᠡᠴᠢᠨ ᠢ ᠨᠣᠮᠣᠬᠠᠳᠬᠠᠬᠤ ᠪᠠᠷ ᠣᠴᠢᠭᠤᠯᠣᠭᠰᠠᠨ ᠳᠤ ᠳᠡᠳᠡ ᠬᠤᠶᠠᠷ ᠲᠩᠷᠢ ᠭᠠᠵᠠᠷ ᠢ ᠳᠣᠩᠰᠣᠯᠳᠠᠯ᠎ᠠ ᠡᠭᠦᠯᠡ ᠮᠠᠨᠠᠨ ᠬᠤᠶᠢᠯᠠᠷᠠᠳᠠᠯ᠎ᠠ ᠳᠣᠯᠣᠯᠳᠣᠭᠠᠳ ᠨᠧ ᠵᠠ ᠢᠯᠠᠭᠳᠠᠨ ᠳᠣᠲᠠᠭᠠᠪᠠ᠃ ᠪᠡᠴᠢᠨ ᠪᠠᠭᠰᠢ ᠶᠢᠨ ᠬᠢᠯᠢᠩ ᠤᠨ ᠭᠠᠯ ᠨᠣᠴᠣᠨ ᠳᠥᠷᠡᠯᠵᠡᠭᠡᠳ ᠨᠢᠭᠡᠮᠥᠰᠥᠨ ᠫᠠᠨ ᠳᠣᠣ ᠳᠣᠭᠤᠷ ᠤᠨ ᠬᠥᠷᠢᠶᠡᠯᠡᠩ ᠤᠨ ᠶᠢᠰᠥᠨ ᠮᠢᠩᠭᠠᠨ ᠵᠢᠯ ᠳᠤ ᠨᠢᠭᠡ ᠣᠳᠠᠭ᠎ᠠ  ᠪᠣᠯᠪᠠᠰᠣᠷᠠᠵᠣ ᠬᠥᠮᠥᠨ ᠢᠳᠡᠪᠡᠯ ᠮᠥᠩᠬᠡᠷᠡᠳᠡᠭ ᠳᠣᠭᠤᠷ ᠤᠨ ᠮᠣᠳᠣ ᠶᠢ ᠪᠥᠬᠦᠨ ᠢ ᠥᠭᠳᠡᠭᠡᠨ ᠬᠠᠶᠠᠵᠣ ᠲᠩᠷᠢ ᠶᠢᠨ ᠣᠷᠣᠨ ᠢ ᠥᠷᠭᠦᠯᠵᠢᠯᠡᠨ ᠳᠠᠯᠬᠢᠳᠠᠪᠠ᠃ ᠬᠤᠮᠰᠢᠮ ᠪᠤᠳᠢᠰᠡᠳ᠋ᠸ᠎ᠠ ᠲᠩᠷᠢ ᠶᠢᠨ ᠴᠡᠷᠢᠭ ᠪᠡᠴᠢᠨ ᠢ ᠳᠠᠷᠣᠵᠣ ᠳᠡᠶᠢᠯᠥᠭᠰᠡᠨ ᠥᠭᠡᠢ ᠭᠡᠰᠨᠨ ᠢ ᠰᠣᠨᠣᠰᠣᠭᠠᠳ᠄ ︽ᠮᠠᠭᠤ ᠰᠠᠷᠮᠠᠭᠴᠢᠨ ᠳᠠᠪᠠᠭᠤᠷᠠᠵᠣ ᠪᠠᠶᠢᠨ᠎ᠠ︾ ᠬᠡᠮᠡᠨ ᠳᠣᠩ ᠶᠡᠭᠡ ᠠᠭᠤᠷᠯᠠᠵᠣ ᠡᠮᠥᠨᠡᠳᠥ ᠳᠠᠯᠠᠢ ᠶᠢᠨ ᠭᠤᠸᠠᠨ ᠵᠢᠶᠠᠩ ᠺᠸᠥ ᠳᠤ ᠰᠠᠭᠤᠵᠣ ᠪᠠᠶᠢᠳᠠᠭ ᠡᠯ ᠯᠠᠩ ᠰᠠᠬᠢᠭᠤᠯᠰᠣᠨ ᠢ ᠲᠩᠷᠢ ᠶᠢ ᠳᠣᠷᠭᠢᠭᠤᠯᠣᠭᠴᠢ ᠲᠠᠭᠤ ᠲᠠᠢ ᠨᠣᠬᠠᠢ ᠯᠤᠭ᠎ᠠ ᠪᠡᠴᠢᠨ ᠢ ᠳᠠᠷᠣᠬᠤ ᠪᠠᠷ ᠶᠠᠪᠣᠭᠤᠯᠪᠠ᠃ ᠡᠯ ᠯᠠᠩ ᠰᠠᠬᠢᠭᠤᠯᠰᠣᠨ ᠪᠣᠯᠣᠨ ᠪᠡᠴᠢᠨ ᠪᠠᠭᠰᠢ ᠬᠤᠶᠠᠭᠤᠯᠠ ᠣᠴᠠᠷᠠᠮᠠᠭᠴᠠ ᠰᠢᠷᠥᠭᠦᠨ ᠳᠣᠯᠣᠯᠳᠣᠵᠣ᠂ ᠭᠤᠷᠪᠠᠨ ᠵᠠᠭᠤ ᠭᠠᠷᠣᠢ ᠣᠳᠠᠭ᠎ᠠ ᠵᠥᠷᠢᠯᠳᠣᠨ ᠪᠠᠶᠢᠯᠳᠣᠭᠠᠳ ᠲᠡᠶᠢᠯᠬᠦ ᠲᠡᠶᠢᠯᠥᠭᠳᠡᠬᠦ ᠨᠢ ᠢᠯᠭᠠᠷᠠᠬᠤ ᠥᠭᠡᠢ ᠪᠠᠶᠢᠯ᠎ᠠ᠃ ᠡᠨᠡ  ᠥᠶ᠎ᠡ ᠳᠤ ᠡᠯ ᠯᠠᠩ ᠰᠠᠬᠢᠭᠤᠯᠰᠣᠨ ᠬᠠᠨᠴᠣᠢ ᠠᠴᠠ ᠪᠠᠨ ᠸᠴᠢᠷ ᠪᠠᠭᠤᠣ ᠪᠠᠨ ᠭᠠᠷᠭᠠᠵᠣ ᠪᠡᠴᠢᠨ ᠤ ᠳᠣᠯᠣᠭᠠᠢ ᠣᠷᠣᠭᠤ ᠬᠠᠶᠠᠵᠣ ᠣᠷᠬᠢᠭᠰᠠᠨ ᠳᠤ ᠪᠡᠴᠢᠨ ᠰᠡᠷᠡᠮᠵᠢ ᠥᠭᠡᠢ ᠪᠠᠶᠢᠭᠰᠠᠨ ᠳᠣᠯᠠ ᠣᠨᠣᠭᠳᠠᠵᠣ ᠭᠠᠵᠠᠷ ᠰᠠᠪᠠᠨ ᠣᠨᠠᠪᠠ᠃ ᠳᠡᠭᠡᠲᠡᠯ᠎ᠡ ᠲᠩᠷᠢ ᠳᠣᠷᠭᠢᠭᠤᠯᠣᠭᠴᠢ ᠲᠠᠭᠤ ᠲᠠᠢ ᠨᠣᠬᠠᠢ ᠨᠣᠴᠣᠨ ᠢᠷᠡᠵᠥ ᠪᠡᠴᠢᠨ ᠢ ᠪᠣᠷᠪᠢᠳᠠᠨ ᠵᠠᠭᠤᠵᠣ ᠰᠢᠷᠠᠭᠳᠤᠭᠤᠯᠵᠠᠢ᠃ ᠪᠡᠴᠢᠨ ᠪᠠᠭᠰᠢ ᠢᠯᠠᠭᠳᠠᠵᠣ ᠴᠡᠴᠡᠭ ᠵᠢᠮᠢᠰᠳᠣ ᠠᠭᠤᠯᠠᠨ ᠳᠠᠭᠠᠨ ᠪᠡᠶ᠎ᠡ ᠰᠣᠪᠢᠯᠠᠨ ᠰᠠᠭᠤᠬᠤ ᠪᠠᠷ ᠳᠣᠳᠠᠭᠠᠨ ᠶᠠᠪᠣᠵᠠᠢ᠃           ᠡᠯ ᠯᠠᠩ ᠰᠠᠬᠢᠭᠤᠯᠰᠣᠨ ᠤ ᠳᠠᠶᠢᠨ ᠤ ᠶᠡᠭᠡ ᠢᠯᠠᠯᠳᠠ ᠶᠢᠨ ᠪᠠᠶᠠᠷ ᠢ ᠬᠤᠷᠮᠣᠰᠳᠠ ᠶᠡᠬᠡᠪᠠᠷ ᠪᠡᠯᠭᠡᠯᠡᠵᠥ ᠳᠣᠰᠬᠠᠶᠢᠯᠠᠨ ᠭᠤᠷᠪᠠᠨ ᠡᠳᠥᠷ ᠤᠨ ᠶᠡᠭᠡ ᠨᠠᠶᠢᠷ ᠬᠢᠵᠣ ᠪᠡᠴᠢᠨ ᠢ ᠲᠩᠷᠢ ᠶᠢᠨ ᠣᠷᠳᠣᠨ ᠠᠴᠠ ᠬᠥᠭᠡᠭᠡᠵᠣ ᠶᠠᠪᠣᠭᠤᠯᠬᠤ ᠪᠠᠶᠢᠯᠳᠣᠭᠠᠨ ᠳᠤ ᠭᠠᠪᠢᠶ᠎ᠠ ᠪᠠᠶᠢᠭᠤᠯᠣᠭᠰᠠᠨ ᠡᠯ ᠯᠠᠩ ᠰᠠᠬᠢᠭᠤᠯᠰᠣᠨ ᠢ ᠠᠯᠳᠠ ᠮᠥᠩᠭᠦ᠂ ᠠᠯᠮᠠᠰ ᠡᠷᠳᠡᠨᠢ᠂ ᠱᠢᠷᠥ ᠰᠣᠪᠣᠳ ᠮᠡᠳᠥ ᠶᠢᠨ ᠡᠷᠳᠡᠨᠢ ᠪᠠᠷ ᠱᠠᠩᠨᠠᠵᠠᠢ᠃ ᠡᠯ ᠯᠠᠩ ᠰᠠᠬᠢᠭᠤᠯᠰᠣᠨ ᠡᠳ᠋ ᠡᠷᠳᠡᠨᠢᠰ ᠢᠶᠠᠨ ᠪᠣᠭᠤᠵᠣ ᠪᠢᠳᠡᠭᠦᠮᠵᠢᠯᠡᠭᠡᠳ ᠡᠮᠥᠨᠡᠳᠥ ᠳᠠᠯᠠᠢ ᠶᠢ ᠵᠣᠷᠢᠵᠠᠢ᠃ ᠳᠡᠷᠡ ᠥᠨᠳᠥᠷ ᠲᠩᠷᠢ ᠳᠤ ᠥᠪᠡᠷ ᠤᠨ ᠳᠣᠷ᠎ᠠ ᠪᠠᠷ ᠢᠶᠠᠨ ᠡᠭᠦᠯᠡ ᠬᠥᠯᠭᠡᠯᠡᠨ ᠶᠠᠪᠣᠬᠤ ᠠᠭᠱᠠᠨ᠎ᠠ ᠳᠣᠣᠷᠠᠳᠣ ᠶᠢᠷᠳᠢᠨᠴᠥ ᠶᠢᠨ ᠭᠤᠶᠢᠳᠠ ᠥᠵᠡᠮᠵᠢ ᠨᠢᠳᠥᠨ ᠬᠠᠷᠠᠭ᠎ᠠ ᠶᠢ ᠪᠣᠯᠢᠶᠠᠭᠰᠠᠨ᠎ᠠ ᠳᠣᠷᠣᠭᠰᠢ ᠯᠠᠪᠯᠠᠨ ᠬᠠᠷᠠᠬᠤᠯ᠎ᠠ ᠥᠩ ᠰᠢᠮᠡᠯᠢᠭ ᠥᠷᠭᠡᠨ ᠳᠠᠯ᠎ᠠ ᠳᠣᠳᠣᠷᠠᠨ ᠠᠷᠣ ᠭᠠᠵᠠᠷ ᠤᠨ ᠠᠭᠤᠯᠠ ᠬᠠᠷᠠᠭᠠᠨ ᠳᠤ ᠳᠣᠳᠣᠷᠠᠨ᠎ᠠ᠃ ᠥᠵᠡᠰᠡ ᠡᠭᠦᠯᠡ ᠲᠠᠢ ᠮᠥᠴᠡᠭᠡᠷᠬᠡᠭᠰᠡᠨ ᠥᠨᠳᠥᠷ ᠥᠨᠳᠥᠷ ᠳᠠᠪᠬᠤᠷᠯᠠᠨ ᠳᠡᠭᠳᠡᠷᠯᠡᠭᠰᠡᠨ ᠬᠠᠳᠠ᠂ ᠭᠡᠷ ᠴᠢᠯᠠᠭᠤ᠂ ᠰᠡᠨᠵᠢᠳᠥ ᠬᠠᠳᠠ᠂ ᠰᠣᠳᠣᠷ ᠴᠢᠯᠠᠭᠤ᠂ ᠠᠪᠳᠠᠷᠠᠳᠣ᠂ ᠰᠣᠨᠢᠨ ᠬᠠᠳᠠ᠂ ᠬᠠᠴᠢᠨ ᠣᠷᠭᠢᠯ ᠨᠢ ᠶᠢᠷᠳᠢᠨᠴᠥ ᠲᠡᠯᠡᠬᠡᠢ ᠳᠤ ᠬᠤᠣᠰ ᠥᠭᠡᠢ ᠪᠣᠯᠠᠢ᠃ ᠡᠯ ᠯᠠᠩ ᠰᠠᠬᠢᠭᠤᠯᠰᠣᠨ ᠡᠨᠡᠬᠦ ᠬᠤᠪᠢᠯᠭᠠᠨᠳᠣ ᠣᠷᠣᠨ ᠢ ᠥᠵᠡᠵᠥ ᠳᠣᠭᠤᠭᠠᠳ ᠵᠣᠰᠠᠯᠠᠩ ᠤᠨ ᠣᠷᠳᠣᠨ ᠪᠣᠯᠭᠠᠵᠣ᠂ ᠵᠢᠰᠢᠶ᠎ᠠ ᠡᠭᠡᠯᠵᠢ ᠪᠠᠷ ᠲᠩᠷᠢ ᠶᠢᠨ ᠣᠷᠳᠣᠨ ᠳᠤ ᠶᠠᠪᠣᠬᠤ ᠳᠠᠭᠠᠨ ᠠᠮᠠᠷᠠᠵᠣ ᠰᠡᠯᠡᠭᠦᠴᠡᠬᠦ᠂ ᠨᠠᠭᠠᠳᠴᠣ ᠴᠡᠩᠭᠡᠬᠦ᠂ ᠣᠪᠠᠳᠢᠰ ᠪᠣᠯᠪᠠᠰᠣᠷᠠᠯ ᠰᠣᠷᠢᠬᠤ ᠣᠨᠴᠠ ᠶᠢᠨ ᠰᠠᠶᠢᠬᠠᠨ ᠭᠠᠵᠠᠷ ᠪᠣᠯᠭᠠᠬᠤ ᠪᠠᠷ ᠠᠭᠠᠵᠢᠮ ᠢᠶᠠᠷ ᠳᠣᠷᠣᠭᠰᠢᠯᠠᠨ ᠪᠠᠭᠤᠬᠤ ᠳᠤ ᠭᠠᠶᠢᠬᠠᠮᠰᠢᠭᠳᠣ ᠨᠢᠭᠡᠨ ᠴᠢᠯᠠᠭᠤᠨ ᠠᠪᠳᠠᠷ᠎ᠠ ᠪᠠᠶᠢᠭᠰᠠᠨ ᠭᠡᠨ᠎ᠡ᠃ ᠡᠯ ᠯᠠᠩ ᠰᠠᠬᠢᠭᠤᠯᠰᠠᠤᠨ ᠠᠪᠴᠣ ᠶᠠᠪᠣᠭ᠎ᠠ ᠡᠳ᠋ ᠡᠷᠳᠡᠨᠢᠰ ᠢᠶᠠᠨ ᠡᠨᠡ ᠠᠪᠳᠠᠷ᠎ᠠ ᠳᠤ ᠬᠠᠳᠠᠭᠠᠯᠠᠵᠣ ᠵᠣᠵᠠᠭᠠᠨ ᠬᠥᠷᠥᠩᠭᠡ ᠪᠣᠯᠭᠠᠨ ᠵᠣᠭᠠᠴᠠᠵᠣ ᠴᠡᠩᠭᠡᠬᠦ ᠳᠡᠭᠡᠨ ᠵᠠᠷᠣᠵᠣ ᠬᠡᠷᠡᠭᠰᠡᠬᠦ ᠳᠤ ᠳᠥᠭᠦᠮ ᠢ ᠪᠣᠳᠣᠵᠠᠢ᠃ ᠵᠢᠴᠢ ᠠᠷᠣ ᠭᠠᠵᠠᠷ ᠤᠨ ᠠᠭᠤᠯᠠ ᠣᠰᠣᠨ ᠤ ᠨᠠᠪᠳᠠᠭ ᠰᠠᠪᠳᠠᠭ᠂ ᠡᠵᠡᠨ ᠰᠠᠬᠢᠭᠤᠰᠣ ᠪᠥᠬᠦᠨ ᠢ ᠳᠠᠷᠨᠢ ᠣᠩᠰᠢᠨ ᠳᠠᠭᠤᠳᠠᠵᠣ ᠢᠷᠡᠭᠡᠳ ᠬᠥᠮᠥᠨ ᠠᠷᠠᠳ ᠤᠨ ᠠᠵᠣ ᠠᠮᠢᠳᠣᠷᠠᠯ᠂ ᠠᠳᠣᠭᠤ ᠮᠠᠯ ᠤᠨ ᠥᠨᠢᠷ ᠥᠰᠥᠯᠳᠡ᠂ ᠡᠳ᠋ ᠡᠷᠳᠡᠨᠢᠰ ᠤᠨ ᠪᠠᠶᠠᠯᠢᠭ ᠬᠥᠴᠥᠨ ᠳᠤ ᠣᠶᠢᠷ᠎ᠠ ᠣᠷᠴᠢᠮ ᠤᠨ ᠬᠥᠮᠥᠨ ᠪᠠᠶᠢᠭᠠᠯᠢ ᠡᠶᠡᠳᠡᠨ ᠨᠢᠭᠡᠳᠥᠭᠡᠳ ᠥᠭᠡᠳᠡᠯᠡᠨ ᠪᠠᠶᠠᠵᠢᠬᠤ ᠶᠢ ᠪᠡᠯᠭᠡᠳᠡᠨ ᠡᠭᠦᠯᠡ ᠬᠥᠯᠭᠡᠯᠡᠨ ᠥᠪᠡᠷ ᠤᠨ ᠨᠣᠳᠤᠭ ᠡᠮᠥᠨᠡᠳᠥ ᠳᠠᠯᠠᠢ ᠳᠠᠭᠠᠨ ᠶᠠᠪᠣᠵᠠᠢ᠃             ᠡᠮᠥᠨᠡᠳᠥ ᠳᠠᠯᠠᠢ ᠶᠢᠨ ᠭᠤᠸᠠᠨ ᠵᠢᠶᠠᠩ ᠺᠸᠥ ᠶᠢᠨ ᠵᠠᠩᠵᠣᠨ ᠴᠡᠷᠢᠭ ᠡᠯ ᠯᠠᠩ ᠰᠠᠬᠢᠭᠤᠯᠰᠣᠨ ᠢ ᠣᠭᠳᠣᠨ ᠠᠪᠴᠣ ᠳᠠᠩᠰᠤᠭ ᠶᠡᠭᠡ ᠨᠠᠶᠢᠷ ᠬᠤᠷᠢᠮ ᠬᠢᠵᠣ ᠪᠠᠶᠠᠷᠯᠠᠯᠳᠣᠪᠠ᠃ ᠡᠯ ᠯᠠᠩ ᠰᠠᠬᠢᠭᠤᠯᠰᠣᠨ ᠲᠩᠷᠢ ᠶᠢᠨ ᠣᠷᠣᠨ ᠳᠤ ᠪᠡᠴᠢᠨ ᠪᠠᠭᠰᠢ ᠲᠠᠢ ᠲᠣᠯᠣᠯᠳᠣᠵᠣ ᠳᠡᠭᠦᠨ ᠢ ᠳᠡᠶᠢᠯᠵᠥ ᠭᠠᠪᠢᠶ᠎ᠠ ᠪᠠᠶᠢᠭᠤᠯᠣᠭᠠᠳ ᠬᠤᠷᠮᠣᠰᠲᠠ ᠲᠡᠬᠦᠨ ᠢ ᠡᠳ᠋ ᠡᠷᠳᠡᠨᠢᠰ ᠢᠶᠠᠷ ᠱᠠᠩᠨᠠᠨ᠂ ᠡᠷᠭᠢᠵᠣ ᠪᠣᠴᠠᠬᠤ ᠵᠠᠮ ᠳᠠᠭᠠᠨ ᠡᠳ᠋ ᠡᠷᠳᠡᠨᠢᠰ ᠢᠶᠠᠨ ᠴᠢᠯᠠᠭᠤᠨ ᠠᠪᠳᠠᠷ᠎ᠠ ᠳᠤ ᠬᠠᠳᠠᠭᠠᠯᠠᠭᠰᠠᠨ ᠢᠶᠠᠨ ᠵᠣᠭᠤᠭ ᠪᠣᠯᠭᠠᠨ ᠶᠠᠷᠢᠵᠠᠢ᠃ ᠣᠷᠳᠣᠨ ᠤ ᠬᠠᠪᠳᠠᠰᠣᠨ ᠳᠣᠣᠷ᠎ᠠ ᠳᠥᠮᠡᠨ ᠵᠢᠯ ᠪᠢᠰᠢᠯᠭᠠᠯ ᠬᠢᠭᠰᠡᠨ ᠬᠤᠶᠢᠬᠤᠷ ᠬᠤᠯᠵᠢᠨ  ᠶᠠᠰᠣᠳᠣ ᠮᠡᠯᠡᠬᠡᠢ ᠬᠤᠯᠠᠭᠤᠨ ᠰᠣᠨᠣᠰᠣᠭᠠᠳ ᠡᠳ᠋ ᠡᠷᠳᠡᠨᠢᠰ ᠢ ᠬᠤᠯᠠᠭᠠᠶᠢᠯᠠᠨ ᠠᠪᠬᠤ ᠬᠤᠪᠳᠤᠭ ᠰᠠᠨᠠᠭ᠎ᠠ ᠡᠭᠦᠰᠭᠡᠵᠠᠢ᠃ ᠶᠠᠰᠣᠳᠣ ᠮᠡᠯᠡᠬᠡᠢ ᠳᠤ ᠬᠤᠪᠳᠤᠭ ᠰᠠᠨᠠᠭ᠎ᠠ ᠪᠠᠶᠢᠪᠠᠴᠣ ᠬᠤᠯᠠ ᠶᠢᠨ ᠠᠶᠠᠨ ᠳᠤ ᠵᠠᠪᠠᠯ ᠪᠣᠰᠣᠳ ᠢ ᠳᠥᠰᠢᠭᠯᠡᠨ᠎ᠡ᠂ ᠳᠡᠭᠦᠨ ᠤ ᠣᠳᠠᠭᠠᠨ ᠵᠢᠯ ᠨᠠᠶᠢᠵᠠᠯᠠᠨ ᠶᠠᠪᠣᠯᠴᠠᠳᠠᠭ ᠬᠠᠳᠠᠨ ᠠᠭᠤᠢ ᠳᠤ ᠰᠠᠭᠤᠭ᠎ᠠ ᠮᠠᠭᠤ ᠰᠠᠨᠠᠭᠠᠳᠠᠢ ᠮᠢᠩᠭᠠᠨ ᠵᠢᠯ ᠤᠨ ᠮᠠᠩ ᠮᠣᠭᠠᠢ ᠰᠠᠨᠠᠭᠠᠨ ᠳᠤᠨᠢ ᠣᠷᠣᠵᠣ ᠳᠡᠭᠦᠨ ᠢ ᠡᠷᠢᠨ ᠣᠴᠢᠵᠣ ᠣᠴᠢᠷ ᠢᠶᠠᠨ ᠬᠡᠯᠡᠵᠥ ᠣᠯᠵᠠ ᠪᠠᠨ ᠬᠤᠪᠢᠶᠠᠬᠤ ᠳᠣᠬᠠᠢ ᠬᠡᠯᠡᠯᠴᠡᠨ ᠳᠣᠭᠳᠠᠭᠠᠳ ᠳᠠᠷᠦ᠋ᠢᠬᠠᠨ ᠬᠥᠳᠡᠯᠬᠦ ᠪᠠᠷ ᠪᠣᠯᠪᠠ᠃ ᠶᠠᠰᠣᠳᠣ ᠮᠡᠯᠡᠬᠡᠢ ᠶᠢᠨ ᠶᠠᠪᠣᠬᠤ ᠨᠢ ᠳᠠᠩᠴᠢ ᠣᠳᠠᠭᠠᠨ᠂ ᠠᠷᠣ ᠭᠠᠵᠠᠷ ᠬᠥᠷᠳᠡᠯ᠎ᠡ ᠠᠷᠪᠠᠨ ᠵᠢᠯ ᠶᠠᠪᠣᠨ᠎ᠠ᠂ ᠴᠠᠭ ᠢ ᠠᠮᠵᠢᠬᠤ ᠥᠭᠡᠢ ᠪᠣᠯ ᠴᠠᠭᠠᠨ ᠮᠥᠩᠭᠦ ᠶᠢ ᠠᠯᠳᠠᠨ᠎ᠠ᠃ ᠮᠢᠩᠭᠠᠨ ᠵᠢᠯ ᠤᠨ ᠮᠠᠩ ᠮᠣᠭᠠᠢ ᠮᠢᠳᠠᠷᠠᠰᠢ ᠥᠭᠡᠢ ᠵᠣᠷᠢᠭ ᠭᠠᠷᠭᠠᠨ  ᠶᠠᠰᠣᠳᠣ ᠮᠡᠯᠡᠬᠡᠢ ᠪᠠᠨ ᠠᠷᠣ ᠨᠢᠷᠣᠭᠠᠨ ᠳᠠᠭᠠᠨ ᠡᠭᠦᠷᠴᠥ ᠠᠶᠠᠨ ᠤ ᠵᠠᠮ ᠢᠶᠠᠨ ᠬᠥᠭᠡᠬᠡᠵᠠᠢ᠃ᠳᠡᠷᠡ ᠬᠤᠶᠠᠷ ᠬᠠᠭᠠᠰ ᠵᠢᠯ ᠵᠠᠮᠨᠠᠭᠠᠳ ᠬᠠᠳᠠᠨ ᠠᠪᠳᠠᠷ᠎ᠠ ᠳᠤ ᠰᠠᠪᠠᠯᠠᠭᠰᠠᠨ ᠠᠯᠳᠠ ᠮᠥᠩᠭᠦ ᠠᠴᠠ ᠠᠨᠢᠷ  ᠬᠤᠯᠠ ᠪᠠᠶᠢᠭᠰᠠᠭᠠᠷ ᠡ︕ ᠨᠠᠮᠣᠷ ᠥᠩᠭᠡᠷᠡᠵᠥ ᠡᠪᠥᠯ ᠤᠨ ᠠᠭᠤᠷ ᠴᠦ ᠣᠷᠣᠯ᠎ᠠ᠂ ᠥᠵᠡᠵᠥ ᠪᠠᠶᠢᠳᠠᠯ᠎ᠠ ᠲᠩᠷᠢ ᠬᠥᠢᠳᠡᠷᠡᠵᠥ ᠥᠷᠭᠦᠯᠵᠢᠯᠡᠨ ᠵᠠᠮᠨᠠᠵᠣ ᠴᠢᠳᠠᠬᠤ ᠥᠭᠡᠢ ᠪᠣᠯᠵᠣ ᠠᠳᠡ ᠪᠠᠨ ᠢᠴᠡᠭᠡᠯᠡᠵᠥ ᠡᠪᠥᠯ ᠢ ᠥᠩᠭᠡᠷᠡᠭᠡᠳ ᠬᠠᠪᠣᠷ ᠬᠥᠳᠡᠯᠬᠦ ᠪᠠᠷ ᠪᠣᠯᠪᠠ᠃          ᠳᠠᠷᠠᠭ᠎ᠠ ᠵᠢᠯ ᠤᠨ ᠬᠠᠪᠣᠷ ᠤᠨ ᠠᠭᠤᠷ ᠣᠷᠣᠵᠣ ᠢᠴᠡᠭᠰᠡᠳ ᠬᠥᠳᠡᠯᠥᠨ ᠤᠷᠢᠨ  ᠳᠣᠯᠠᠭᠠᠨ ᠣᠯᠠᠷᠢᠯ ᠪᠣᠯᠣᠭᠰᠠᠨ᠎ᠠ ᠳᠠᠬᠢᠨᠳᠠ ᠠᠯᠳᠠ ᠬᠠᠶᠢᠬᠤ ᠠᠶᠠᠨ ᠵᠠᠮ ᠢᠶᠠᠨ ᠡᠯᠭᠦᠯ᠎ᠡ᠃ ᠶᠠᠳᠠᠷᠠᠯ ᠢ ᠳᠡᠪᠴᠢᠨ ᠶᠠᠪᠣᠵᠣ ᠶᠠᠪᠣᠵᠣ ᠬᠠᠪᠣᠷ ᠤᠨ ᠭᠤᠷᠪᠠᠨ ᠰᠠᠷ᠎ᠠ ᠶᠢ ᠡᠪᠬᠡᠯ᠎ᠡ᠂ ᠵᠣᠷᠢᠭ ᠢ ᠪᠠᠷᠢᠵᠣ ᠮᠥᠯᠬᠦᠵᠥ ᠮᠥᠯᠬᠦᠵᠥ ᠵᠣᠨ ᠤ ᠰᠡᠭᠦᠯᠴᠢ ᠰᠠᠷ᠎ᠠ ᠳᠤ ᠳᠥᠩᠭᠡᠵᠢ ᠠᠰᠬᠠᠳᠣ ᠳᠤ ᠬᠥᠷᠴᠥ ᠢᠷᠡᠯ᠎ᠡ᠃ ᠣᠳᠠᠭᠠᠨ ᠡᠳᠥᠷ ᠤᠨ ᠬᠥᠰᠡᠯ ᠪᠡᠶᠡᠯᠡᠭᠳᠡᠬᠦ ᠪᠣᠯᠣᠭᠰᠠᠨ᠎ᠠ ᠠᠭᠤᠵᠢᠮ ᠭᠡᠭᠴᠢ ᠠᠮᠢᠰᠬᠤᠵᠣ ᠠᠪᠣᠯ᠎ᠠ᠃ ᠴᠢᠯᠠᠭᠤᠨ ᠠᠪᠳᠠᠷ᠎ᠠ ᠳᠤ ᠣᠶᠢᠷᠠᠳᠣᠭᠠᠳ ᠬᠥᠷᠬᠦ ᠳᠤ ᠭᠱᠠᠨ ᠵᠠᠭᠤᠷ᠎ᠠ ᠠᠯᠳᠠᠨ ᠰᠣᠯᠣᠩᠭ᠎ᠠ ᠳᠥᠮᠡᠨ ᠵᠠᠩ ᠭᠡᠷᠡᠯᠳᠥᠨ ᠰᠠᠴᠣᠷᠠᠨ᠎ᠠ᠃ ᠮᠣᠭᠠᠢ᠂ ᠮᠡᠯᠡᠬᠡᠢ ᠬᠤᠶᠠᠷ ᠮᠣᠨᠳᠠᠭ ᠳᠣᠭᠠᠨ ᠤ ᠮᠥᠩᠭᠦ ᠣᠯᠬᠤ ᠪᠣᠯᠣᠭᠰᠠᠨ ᠳᠠᠭᠠᠨ ᠠᠶᠠᠨ ᠵᠠᠮ ᠤᠨ ᠶᠠᠳᠠᠷᠠᠭ᠎ᠠ ᠳᠠᠶᠢᠯᠣᠭᠳᠠᠵᠣ ᠠᠮᠠ ᠠᠩᠭᠠᠶᠢᠨ ᠬᠠᠭ᠎ᠠ  ᠪᠠᠶᠠᠷᠯᠠᠵᠠᠢ᠃ ᠮᠣᠭᠠᠢ᠂ ᠮᠡᠯᠡᠬᠡᠢ ᠬᠤᠶᠠᠷ ᠬᠠᠳᠠᠨ ᠠᠪᠳᠠᠷ᠎ᠠ ᠶᠢ ᠨᠡᠭᠡᠭᠡᠬᠦ ᠪᠠᠷ ᠬᠠᠮᠤᠭ ᠣᠬᠠᠭᠠᠨ ᠢᠶᠠᠨ ᠰᠢᠪᠬᠠᠯ᠎ᠠ᠂ ᠬᠠᠷ᠎ᠠ ᠬᠥᠴᠥ ᠪᠠᠷ ᠬᠠᠪᠳᠠᠭᠠᠢ ᠣᠨᠢᠰᠣ ᠶᠢ ᠵᠠᠨᠴᠢᠯ᠎ᠠ᠂ ᠭᠢᠯᠠᠰ ᠭᠢᠯᠠᠰ ᠭᠠᠯ ᠪᠣᠳᠠᠷᠠᠬᠤ ᠠᠴᠠ ᠪᠢᠰᠢ ᠭᠠᠶᠢᠬᠠᠮᠰᠢᠭᠳᠣ ᠣᠨᠢᠰᠣ ᠨᠡᠭᠡᠭᠡᠭᠳᠡᠬᠦ ᠥᠭᠡᠢ᠃ ᠶᠠᠰᠣᠳᠣ ᠮᠡᠯᠡᠬᠡᠢ ᠡᠯ ᠯᠠᠩ ᠰᠠᠬᠢᠭᠤᠯᠰᠣᠨ ᠤ ᠣᠷᠳᠣᠨ ᠠᠴᠠ ᠬᠤᠯᠠᠭᠠᠶᠢᠯᠠᠨ ᠰᠣᠷᠣᠭᠰᠠᠨ ᠣᠪᠠᠳᠢᠰ ᠳᠠᠷᠨᠢ ᠪᠠᠨ ᠨᠢᠳᠥ ᠠᠨᠢᠨ ᠳᠣᠪᠣᠷ ᠳᠣᠪᠣᠷ ᠣᠩᠰᠢᠭᠰᠠᠨ ᠴᠦ ᠣᠨᠢᠰᠣ ᠨᠡᠭᠡᠭᠡᠭᠳᠡᠬᠦ ᠥᠭᠡᠢ᠂ ᠮᠢᠩᠭᠠᠨ ᠵᠢᠯ ᠤᠨ ᠮᠠᠩ ᠮᠣᠭᠠᠢ ᠮᠠᠶᠢᠳᠠᠷᠢ ᠪᠣᠷᠬᠠᠨ ᠤ ᠳᠠᠷᠨᠢ ᠶᠢ ᠳᠠᠭᠤᠳᠠᠭᠰᠠᠨ ᠴᠦ ᠴᠢᠯᠠᠭᠤᠨ ᠠᠪᠳᠠᠷ᠎ᠠ ᠶᠢᠨ ᠴᠣᠣᠵᠢ ᠨᠡᠭᠡᠭᠡᠭᠳᠡᠬᠦ ᠥᠭᠡᠢ᠃ ᠬᠤᠶᠠᠭᠤᠯᠠ ᠣᠬᠠᠭᠠᠨ ᠢᠶᠠᠨ ᠰᠢᠪᠬᠠᠯ᠎ᠠ᠂ ᠠᠷᠭ᠎ᠠ ᠪᠠᠨ ᠪᠠᠷᠠᠯ᠎ᠠ᠂ ᠡᠳᠥᠷ ᠡᠳᠥᠷ ᠨᠣᠴᠣᠯᠳᠣᠨ ᠴᠥᠬᠦᠷ ᠢᠶᠠᠨ ᠪᠠᠷᠠᠵᠣ᠂ ᠠᠳᠬᠤᠨ ᠳᠠᠭᠠᠨ ᠣᠷᠣᠭᠤᠯᠵᠣ ᠳᠡᠶᠢᠯᠬᠦ ᠥᠭᠡᠢ ᠴᠦ ᠠᠭᠠᠷ ᠲᠤ ᠰᠣᠯᠣᠩᠭᠠᠷᠠᠬᠤ ᠠᠯᠳᠠᠨ ᠭᠡᠷᠡᠯ ᠢ ᠨᠢ ᠬᠠᠷᠠᠭᠠᠳ ᠠᠯᠳᠠ ᠳᠡᠯᠢᠮ ᠰᠢᠯᠥᠰᠥ ᠪᠠᠨ ᠭᠤᠭᠤᠵᠢᠭᠤᠯᠣᠨ᠎ᠠ᠃ ᠶᠠᠭ ᠡᠨᠡ ᠥᠶᠡᠰ ᠡᠯ ᠯᠠᠩ ᠰᠠᠬᠢᠭᠤᠯᠰᠣᠨ ᠲᠩᠷᠢ ᠶᠢᠨ ᠣᠷᠣᠨ ᠳᠤ ᠵᠢᠰᠢᠶ᠎ᠠ ᠡᠭᠡᠯᠵᠢ ᠳᠠᠭᠠᠷᠠᠵᠣ ᠠᠷᠣ ᠭᠠᠵᠠᠷ ᠠᠰᠬᠠᠳᠣ ᠶᠢᠨ ᠵᠣᠰᠠᠯᠠᠩ ᠳᠠᠭᠠᠨ ᠠᠮᠠᠷᠠᠵᠣ ᠶᠠᠪᠣᠬᠤ ᠪᠠᠷ ᠣᠶᠢᠷᠠᠳᠣᠭᠠᠳ ᠢᠷᠡᠬᠦ ᠳᠤ ᠴᠢᠯᠠᠭᠤᠨ ᠠᠪᠳᠠᠷ᠎ᠠ ᠠᠴᠠ ᠳᠠᠪᠣᠨ ᠥᠩᠭᠡ ᠶᠢᠨ ᠭᠡᠷᠡᠯ ᠰᠠᠴᠣᠷᠠᠨ ᠳᠡᠭᠦᠨ ᠤ ᠬᠠᠵᠠᠭᠤ ᠳᠤ ᠮᠣᠭᠠᠢ᠂ ᠮᠡᠯᠡᠬᠡᠢ ᠮᠠᠭᠤᠵᠢᠷᠠᠨ ᠰᠠᠭᠤᠨ᠎ᠠ᠃           ᠥᠵᠡᠨ ᠪᠠᠶᠠᠷᠯᠠᠭᠤᠯᠵᠣ ᠥᠬᠦᠨ ᠭᠤᠮᠤᠳᠠᠭᠠᠬᠤ ᠭᠡᠳᠡᠭᠴᠢᠯᠡᠨ ᠡᠯ ᠯᠠᠩ ᠰᠠᠬᠢᠭᠤᠯᠰᠣᠨ ᠠᠮᠠᠨ ᠳᠠᠭᠠᠨ ᠲᠠᠷᠨᠢ ᠣᠩᠰᠢᠭᠰᠠᠨ᠎ᠠ ᠴᠢᠯᠠᠭᠤᠨ ᠠᠪᠳᠠᠷ᠎ᠠ ᠨᠡᠭᠡᠭᠡᠭᠳᠡᠨ ᠠᠯᠳᠠ ᠮᠥᠩᠭᠦ ᠠᠷᠪᠠᠨ ᠥᠩᠭᠡ  ᠶᠢᠨ ᠭᠡᠷᠡᠯ ᠰᠠᠴᠣᠷᠠᠨ᠎ᠠ᠃ ᠮᠣᠭᠠᠢ᠂ ᠮᠡᠯᠡᠬᠡᠢ ᠬᠤᠶᠠᠷ ᠮᠣᠯᠣᠷ ᠡᠷᠳᠡᠨᠢ ᠶᠢ ᠣᠯᠵᠣ ᠦᠵᠡᠮᠡᠭᠴᠨ ᠣᠳᠠᠭᠠᠨ ᠣᠨ ᠤ ᠨᠠᠶᠢᠷ ᠳᠠᠯ᠎ᠠ ᠡᠪᠳᠡᠷᠡᠨ ︽ᠮᠥᠩᠭᠦ ᠴᠠᠭᠠᠨ ᠨᠢᠳᠥ ᠣᠯᠠᠭᠠᠨ︾ ᠭᠡᠳᠡᠭᠴᠢᠯᠡᠨ ᠬᠠᠷᠢᠯᠴᠠᠨ ᠬᠢᠳᠤᠭ᠎ᠠ ᠭᠢᠯᠠᠯᠵᠠᠭᠤᠯᠣᠨ ᠬᠡᠨ ᠨᠢ ᠵᠠᠪᠳᠣᠵᠣ ᠭᠠᠷ ᠬᠥᠳᠡᠯᠪᠡᠯ ᠭᠠᠯᠪᠠ ᠳᠤ ᠥᠭᠡᠢ ᠡᠷᠳᠡᠨᠢ ᠭᠠᠭᠴᠠ ᠮᠢᠨᠣ ᠪᠣᠯᠣᠨ᠎ᠠ ᠭᠡᠵᠥ ᠭᠤᠷᠢᠯᠠᠨ᠎ᠠ᠃ ᠡᠨᠡᠬᠦ ᠬᠤᠷᠣᠮᠬᠠᠨ᠎ᠠ ᠬᠠᠷ᠎ᠠ ᠡᠭᠦᠯᠡ ᠨᠡᠳᠦ᠋ᠢᠨ ᠬᠤᠢ ᠰᠠᠯᠬᠢᠨ ᠳᠡᠭᠳᠡᠨ ᠲᠩᠷᠢ ᠳᠣᠣᠭᠠᠷᠴᠣ ᠮᠣᠭᠠᠢ᠂ ᠮᠡᠯᠡᠬᠡᠢ ᠬᠤᠶᠠᠷ ᠤᠨ ᠳᠡᠭᠡᠷ᠎ᠡ ᠠᠶᠣᠩᠭ᠎ᠠ ᠪᠠᠭᠤᠭᠰᠠᠨ᠎ᠠ ᠳᠡᠷᠡ ᠬᠤᠶᠠᠷ ᠬᠤᠷᠮᠣᠰᠳᠠ ᠲᠩᠷᠢ ᠶᠢᠨ ᠬᠡᠰᠢᠭ ᠪᠣᠶᠠᠨ ᠢ ᠬᠤᠯᠠᠭᠠᠶᠢᠯᠠᠵᠣ ᠠᠪᠬᠤ ᠭᠡᠰᠡᠨ ᠬᠤᠷᠣᠨ ᠰᠠᠨᠠᠭᠠᠨ ᠤ ᠡᠴᠥᠰ ᠤᠨ ᠰᠢᠳᠬᠡᠯ ᠢᠶᠠᠨ ᠣᠯᠪᠠ᠃ ᠠᠶᠣᠩᠭ᠎ᠠ ᠶᠢᠨ ᠳᠠᠭᠤᠨ ᠳᠤ ᠠᠶᠣᠵᠣ ᠰᠠᠨᠳᠣᠷᠣᠭᠰᠠᠨ ᠶᠠᠰᠣᠳᠣ ᠮᠡᠯᠡᠬᠡᠢ ᠳᠥᠷᠰᠥ ᠪᠠᠨ ᠥᠭᠡᠷᠡᠴᠢᠯᠡᠬᠦ ᠶᠢᠨ ᠵᠠᠪ ᠥᠭᠡᠢ ᠳᠥᠮᠡᠨ ᠵᠢᠯ ᠤᠨ ᠴᠢᠯᠠᠭᠤᠵᠢᠮᠠᠯ ᠪᠣᠯᠣᠭᠰᠠᠨ ᠭᠡᠨ᠎ᠡ᠃ ᠴᠢᠯᠠᠭᠤᠨ ᠠᠪᠳᠠᠷ᠎ᠠ ᠨᠡᠭᠡᠭᠡᠭᠳᠡᠭᠰᠡᠨ ᠬᠡᠪ ᠢᠶᠠᠷ ᠢᠶᠠᠨ ᠬᠡᠴᠢᠨᠡᠨ ᠳᠥᠮᠡᠨ ᠵᠢᠯ ᠪᠣᠯᠬᠤ ᠳᠤ ᠬᠤᠷᠮᠣᠰᠳᠠ ᠲᠩᠷᠢ ᠠᠴᠠ ᠬᠠᠶᠢᠷᠠᠯᠠᠭᠰᠠᠨ ᠰᠢᠵᠢᠷ ᠠᠯᠳᠠ ᠨᠢ ᠡᠨᠡ ᠨᠣᠳᠤᠭ ᠤᠨ ᠬᠥᠷᠥᠰᠥᠨ ᠳᠤ ᠰᠢᠩᠭᠡᠵᠥ ᠠᠯᠳᠠ᠂  ᠬᠥᠳᠡᠷ ᠤᠨ ᠪᠣᠯᠠᠭᠳᠠᠴᠠ ᠪᠣᠯᠣᠨ ᠪᠥᠷᠢᠯᠳᠣᠵᠣ᠂ ᠮᠥᠩᠭᠦ ᠨᠢ ᠮᠡᠯᠮᠡᠯᠵᠡᠨ ᠣᠷᠣᠰᠬᠤ ᠭᠥᠩᠭᠡᠷ ᠤᠨ ᠭᠤᠣᠯ ᠲᠠᠢ ᠨᠡᠶᠢᠯᠡᠭᠡᠳ ᠨᠢᠭᠡᠨ ᠵᠣᠷᠪᠣᠰ ᠵᠠᠯᠭᠠᠯᠳᠣᠭᠰᠠᠨ ᠴᠠᠭᠠᠨ ᠳᠣᠭᠤᠯᠭ᠎ᠠ᠂ ᠮᠥᠩᠭᠦ᠂ ᠴᠠᠶᠢᠷ ᠮᠡᠳᠥ ᠶᠢᠨ ᠠᠭᠤᠷᠬᠠᠢ ᠶᠢᠨ ᠪᠣᠯᠠᠭᠳᠠᠴᠠ ᠪᠣᠯᠣᠨ ᠪᠥᠷᠢᠯᠳᠥᠭᠰᠡᠨ ᠭᠡᠨ᠎ᠡ᠃          ᠣᠳᠣ ᠠᠳᠡ ᠬᠥᠬᠡ ᠮᠥᠷᠡᠨ ᠠᠴᠠ ᠣᠮᠠᠷᠠᠰᠢᠬᠢ ᠬᠠᠮᠤᠭ ᠤᠨ ᠶᠡᠭᠡ ᠳᠡᠮᠥᠷ ᠤᠨ ᠠᠭᠤᠷᠬᠠᠢ ᠪᠠᠶᠢᠬᠤ ᠮᠥᠷᠳᠡᠭᠡᠨ ᠪᠠᠰᠠ ᠬᠠᠷ᠎ᠠ ᠪᠣᠯᠣᠷ᠂ ᠨᠡᠭᠦᠷᠡᠰᠥ᠂ ᠰᠣᠷᠢᠨᠵᠢᠨ ᠳᠡᠮᠥᠷ᠂ ᠬᠠᠶᠢᠯᠣᠭᠤᠷ ᠵᠣᠩᠰᠢ᠂ ᠥᠷᠡᠨ ᠵᠡᠷᠭᠡ ᠠᠭᠤᠷᠬᠠᠢ ᠶᠢᠨ ᠭᠠᠷᠣᠯᠳᠠ ᠡᠯᠪᠡᠭ ᠪᠠᠶᠢᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号