ᠤᠯᠠᠨᠪᠤᠯᠠᠭ ᠪᠠᠯᠭᠠᠰᠤ
ᠨᠡᠶᠢᠲᠡᠯᠡᠭᠰᠡᠨ ᠴᠠᠭ᠄
2019/3/1
ᠤᠯᠠᠨᠪᠤᠯᠠᠭ ᠪᠠᠯᠭᠠᠰᠤ    ᠠᠯᠠᠱᠠ ᠵᠡᠬᠦᠨ ᠬᠤᠰᠢᠭᠤᠨ ᠤ ᠵᠡᠬᠦᠨ ᠬᠤᠶᠢᠳᠣ ᠬᠡᠰᠡᠭ ᠲᠤ ᠪᠠᠶᠢᠷᠢᠯᠠᠵᠤ᠂ ᠵᠡᠬᠦᠨ ᠲᠠᠯ᠎ᠠ ᠪᠠᠷ ᠪᠠᠶᠠᠨᠨᠠᠭᠤᠷ ᠬᠤᠳᠠ ᠶᠢᠨ ᠳ᠋ᠡᠩ ᠺᠧᠦ ᠰᠢᠶᠠᠨ ᠪᠠ ᠪᠠᠶᠠᠨᠮᠥ᠋ᠷᠡᠨ ᠰᠤᠮᠤ ᠶᠢ ᠲᠥᠰᠢᠵᠤ᠂ ᠡᠮᠤᠨᠡᠰᠢ ᠪᠠᠨ ᠵᠢᠷᠠᠳᠠᠢ ᠪᠠᠯᠭᠠᠰᠤ ᠲᠠᠢ ᠵᠡᠷᠭᠡᠯᠳᠡᠨ᠂ ᠪᠠᠷᠠᠭᠤᠨᠰᠢ ᠥᠯᠵᠡᠢ ᠰᠤᠮᠤ ᠲᠠᠢ ᠬᠤᠯᠪᠤᠯᠳᠠᠵᠤ᠂ ᠬᠤᠶᠢᠰᠢ ᠪᠠᠨ ᠪᠠᠶᠠᠨᠨᠠᠭᠤᠷ ᠬᠤᠳᠠ ᠶᠢᠨ ᠤᠷᠠᠳ ᠤᠨ ᠬᠤᠶᠢᠳᠣ ᠬᠤᠰᠢᠭᠤ ᠲᠠᠢ ᠵᠠᠯᠭᠠᠯᠳᠣᠨ᠂ ᠶᠡᠷᠥᠩᠭᠡᠢ ᠲᠠᠯᠠᠪᠠᠢ 4791 ᠲᠡᠭᠰᠢ ᠲᠥᠷᠪᠡᠯᠵᠢᠨ ᠺᠢᠯᠤᠮᠧᠲᠷ ᠪᠣᠢ᠃ 9 ᠬᠠᠷᠢᠶᠠᠳᠤ ᠭᠠᠴᠠᠭ᠎ᠠ᠂ 2 ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠤᠨ ᠵᠥᠪᠯᠡᠯ ᠲᠠᠢ᠂ ᠨᠡᠶᠢᠳᠠ ᠬᠥᠮᠤᠨ ᠠᠮᠠ1284 ᠡᠷᠤᠬᠡ 3725 ᠬᠥᠮᠤᠨ ᠪᠠᠶᠢᠵᠤ᠂ ᠡᠬᠦᠨ ᠳᠤ ᠮᠤᠩᠭᠤᠯ ᠥᠨᠳᠤᠰᠤᠳᠡᠨ1080 ᠬᠥᠮᠤᠨ᠂ ᠬᠢᠲᠠᠳ ᠥᠨᠳᠤᠰᠤᠳᠡᠨ 2347 ᠬᠥᠮᠤᠨ᠂ ᠬᠤᠳᠤᠩ ᠥᠨᠳᠤᠰᠤᠳᠡᠨ 298 ᠬᠥᠮᠤᠨ ᠪᠤᠢ᠂ ᠲᠤᠰ ᠪᠠᠯᠭᠠᠰᠤᠨ ᠤ ᠮᠤᠩᠭᠤᠯ ᠥᠨᠳᠤᠰᠤᠳᠡᠨ ᠤ ᠤᠯᠠᠩᠬᠢ ᠨᠢ ᠢᠰᠯᠠᠮ ᠤᠨ ᠱᠠᠰᠢᠨ ᠢ ᠰᠢᠳᠤᠳᠡᠭ᠃ ᠬᠠᠭᠠᠰ ᠲᠠᠷᠢᠶᠠᠯᠠᠩ ᠬᠠᠭᠠᠰ ᠮᠠᠯᠵᠢᠵᠤ᠂ ᠮᠠᠯ ᠤᠨ ᠲᠤᠭ᠎ᠠ 99850 ᠲᠤᠯᠤᠭᠠᠢ᠂ ᠡᠬᠦᠨ ᠳᠤ ᠲᠡᠮᠡᠭᠡ2580 ᠪᠥᠬᠦ ᠪᠤᠢ᠂ ᠢᠯᠠᠩᠭᠤᠶ᠎ᠠ ᠨᠤᠤᠯᠤᠷ ᠤᠨ ᠴᠠᠭᠠᠨ ᠢᠮᠠᠭ᠎ᠠ ᠨᠢ ᠪᠡᠶ᠎ᠡ ᠪᠥᠳᠥᠬᠦᠨ᠂ ᠨᠤᠤᠯᠤᠷ ᠤᠨ ᠬᠡᠮᠵᠢᠶ᠎ᠡ ᠶᠡᠭᠡ᠂ ᠴᠢᠨᠠᠷ ᠰᠠᠶᠢᠲᠠᠢ ᠪᠠᠷ ᠨᠡᠷ᠎ᠡ ᠠᠯᠳᠠᠷᠰᠢᠭᠰᠠᠨ ᠶᠤᠮ᠃ ᠲᠠᠷᠢᠶᠠᠨ ᠭᠠᠵᠠᠷ 23231 ᠮᠣ᠋᠂ ᠬᠠᠳᠤᠨ ᠭᠤᠤᠯ ᠤᠨ ᠤᠰᠤ ᠶᠢ ᠲᠠᠲᠠᠪᠤᠷᠢᠯᠠᠨ ᠤᠰᠤᠯᠠᠯᠳᠠ ᠬᠢᠵᠤ᠂ ᠭᠤᠤᠯ ᠲᠠᠷᠢᠮᠠᠯ ᠳᠤ ᠥᠷᠡᠳᠤ ᠭᠤᠸᠠ᠂ ᠨᠠᠷᠠᠨ ᠬᠤᠸᠠᠷ᠂ ᠡᠷᠳᠡᠨᠢ ᠰᠢᠰᠢ᠂ ᠪᠤᠭᠤᠳᠠᠢ ᠵᠡᠷᠭᠡ ᠪᠣᠢ᠃ 2005 ᠣᠨ ᠳᠤ ᠡᠳ᠋ ᠤᠨ ᠵᠠᠰᠠᠭ ᠤᠨ ᠤᠷᠤᠯᠭ᠎ᠠ 521.8 ᠲᠥᠮᠡᠨ ᠲᠥᠬᠦᠷᠢᠭ ᠢ ᠪᠡᠶᠡᠯᠡᠬᠦᠯᠵᠤ᠂ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 3599 ᠲᠥᠬᠦᠷᠢᠭ ᠲᠤ ᠬᠥᠷᠴᠡᠢ᠃ ᠭᠠᠵᠠᠷ ᠤᠨ ᠪᠠᠶᠢᠴᠠ ᠬᠤᠶᠢᠨ᠎ᠠ ᠪᠠᠨ ᠥᠨᠳᠤᠷ ᠡᠮᠤᠨ᠎ᠠ ᠪᠠᠨ ᠪᠤᠭᠤᠨᠢ᠂ ᠲᠠᠯᠠᠢ  ᠶᠢᠨ ᠲᠥᠪᠰᠢᠨ ᠠᠴᠠ ᠳᠤᠮᠳᠠᠴᠢ ᠪᠠᠷ1500 ᠮᠧᠲᠷ ᠥᠨᠳᠤᠷ᠂ ᠳᠤᠮᠳᠠ ᠬᠡᠰᠡᠭ ᠪᠠᠷ ᠮᠤᠨᠢ ᠠᠭᠤᠯᠠ᠂ ᠪᠣᠭᠳᠠ ᠠᠭᠤᠯᠠ ᠪᠠ ᠬᠠᠷᠤᠤᠨ᠎ᠠ ᠠᠭᠤᠯᠠ ᠰᠥᠨᠳᠡᠷᠯᠡᠵᠤ᠂ ᠬᠤᠶᠢᠳᠣ ᠬᠡᠰᠡᠭ ᠢᠶᠠᠷ ᠪᠤᠭᠤᠨᠢ ᠠᠭᠤᠯᠠ ᠳᠤᠪᠤᠷᠬᠠᠭ ᠎ ᠲᠠᠢ᠂ ᠵᠡᠬᠦᠨ ᠡᠮᠤᠨᠡᠳᠤ ᠬᠡᠰᠡᠭ ᠢᠶᠠᠷ ᠤᠯᠠᠨᠪᠤᠬ᠎ᠠ ᠡᠯᠡᠰᠤᠨ ᠴᠥᠯ ᠲᠠᠢ ᠪᠠᠶᠢᠵᠤ᠂ ᠡᠯᠡᠰᠣᠨ ᠴᠥᠯ ᠤᠨ ᠶᠡᠷᠥᠩᠭᠡᠢ ᠲᠠᠯᠠᠠᠪᠠᠢ 23%᠎ ᠶᠢ ᠡᠵᠡᠯᠡᠵᠤ ᠪᠣᠢ᠂ ᠡᠯᠡᠰᠤᠨ ᠴᠥᠯ ᠤᠨ ᠤᠷᠭᠤᠮᠠᠯ ᠤᠨ ᠬᠤᠴᠢᠯᠠᠭ᠎ᠠ ᠰᠡᠶᠢᠷᠡᠭ᠂ ᠢᠬᠢᠷ ᠰᠢᠬᠢᠷ ᠨᠠᠭᠤᠷ ᠰᠠᠷᠨᠢᠵᠤ᠂ ᠰᠠᠯᠬᠢ ᠲᠡᠰᠪᠤᠷᠢᠯᠡᠬᠦ᠂ ᠱᠥᠯᠳᠤ ᠳᠠᠭᠠᠭᠠᠮᠠᠭᠠᠢ ᠴᠢᠨᠠᠷ ᠲᠠᠢ ᠤᠷᠭᠤᠮᠠᠯ ᠤᠯᠠᠨ ᠤᠷᠭᠤᠳᠠᠭ᠂ ᠵᠡᠬᠦᠨ ᠲᠠᠯ᠎ᠠ ᠪᠠᠷ ᠪᠣᠷᠣ ᠲᠣᠬᠤᠢ ᠶᠢᠨ ᠲᠠᠯ᠎ᠠ ᠭᠠᠵᠠᠷ ᠲᠠᠢ ᠵᠡᠷᠭᠡᠯᠳᠡᠵᠤ ᠪᠣᠢ᠃ ᠬᠢᠯᠢ ᠲᠤᠳᠤᠷᠠᠬᠢ ᠠᠭᠤᠷᠬᠠᠢ ᠶᠢᠨ ᠡᠬᠢ ᠪᠠᠶᠠᠯᠢᠭ ᠡᠯᠪᠡᠭ ᠳᠡᠯᠪᠡᠭ᠂ ᠲᠡᠮᠤᠷ᠂ ᠵᠡᠰ᠂ ᠠᠯᠳᠠ᠂ ᠪᠠᠯ ᠴᠢᠯᠠᠭᠤ᠂ ᠬᠢᠯᠲᠠᠭᠠᠨᠠᠭᠤᠷ ᠲᠠᠢ᠃ ᠵᠢᠭᠤᠯᠴᠢᠯᠠᠯ ᠤᠨ ᠡᠬᠢ ᠪᠠᠶᠠᠯᠢᠭ ᠡᠯᠪᠡᠭ᠂ ᠬᠠᠷᠤᠤᠨ᠎ᠠ ᠠᠭᠤᠯᠠ ᠶᠢᠨ ᠬᠠᠴᠢᠨ ᠬᠠᠪᠴᠢᠯ᠂ ᠤᠯᠠᠭᠠᠨ ᠰᠤᠪᠤᠷᠭ᠎ᠠ ︵ᠮᠣ᠋ ᠭᠥᠢ ᠶᠢᠩ ᠤᠨ ᠮᠣᠷᠢ ᠤᠶᠠᠭᠰᠠᠨ ᠪᠠᠭᠠᠨ᠎ᠠ ᠭᠡᠳᠡᠭ︶᠂ ᠷᠠᠰᠢᠶᠠᠨ᠂ ᠪᠤᠤᠷ᠎ᠠ ᠶᠢᠨ ᠰᠥᠮ᠎ᠠ᠂ ᠳᠠᠶᠢᠷᠢᠭ᠎ᠠ ᠶᠢᠨ ᠭᠤᠤᠯ᠂ ᠤᠯᠠᠭᠠᠨ ᠰᠤᠬᠠᠢ ᠪᠠᠷ ᠪᠥᠷᠢᠯᠳᠤᠭ᠍ᠰᠡᠨ ᠠᠯᠠᠱᠠ ᠶᠢᠨ ᠬᠤᠶᠢᠳᠣ ᠪᠡᠶ᠎ᠡ ᠶᠢᠨ ᠬᠠᠴᠢᠨ ᠰᠤᠨᠢᠨ ᠬᠥᠮᠤᠨ ᠰᠤᠶᠤᠯ ᠪᠠ ᠪᠠᠶᠢᠭᠠᠯᠢ ᠶᠢᠨ ᠥᠵᠡᠮᠵᠢ ᠨᠢ ᠨᠢᠭᠤᠴᠠ ᠶᠢ ᠬᠠᠶᠢᠨ ᠰᠥᠪᠡᠭᠴᠢᠯᠡᠬᠦ ᠬᠥᠮᠤᠨ ᠤ ᠲᠤᠭᠤᠷᠢᠨ ᠵᠢᠭᠤᠯᠴᠢᠯᠠᠬᠤ ᠥᠵᠡᠮᠵᠢᠳᠣ ᠤᠷᠤᠨ ᠪᠤᠯᠤᠭᠰᠠᠨ ᠶᠤᠮ᠃ᠪᠤᠳᠤᠭᠤᠨ ᠤᠰᠤ ᠭᠠᠴᠠᠭ᠎ᠠ    ᠪᠠᠶᠢᠩᠭᠤ ᠰᠠᠭᠤᠭᠠᠯᠢ ᠬᠥᠮᠤᠨ ᠠᠮᠠ 141 ᠡᠷᠤᠬᠡ 291 ᠬᠥᠮᠤᠨ ᠪᠠᠶᠢᠵᠤ᠂ ᠶᠡᠷᠥᠩᠭᠡᠢ ᠲᠠᠯᠠᠪᠠᠢ 7000 ᠮᠣ᠋᠂ ᠲᠠᠷᠢᠶᠠᠨ ᠭᠠᠵᠠᠷ 3300 ᠮᠣ᠋᠂ ᠥᠢᠳᠤ ᠭᠠᠵᠠᠷ 48 ᠮᠣ᠋ ᠪᠣᠢ᠃ ᠭᠤᠤᠯᠳᠠᠭᠤ ᠪᠤᠭᠤᠳᠠᠢ᠂ ᠡᠷᠳᠡᠨᠢ ᠰᠢᠰᠢ᠂ ᠨᠠᠷᠠᠨ ᠬᠤᠸᠠᠷ ᠵᠡᠷᠭᠡ ᠲᠠᠷᠢᠮᠠᠯ ᠢ ᠲᠠᠷᠢᠳᠠᠭ᠃ ᠤᠳᠣ ᠨᠢᠭᠡᠨᠲᠡ ᠠᠮᠤ ᠪᠤᠳᠠᠭᠠᠨ ᠤ ᠲᠠᠷᠢᠮᠠᠯ ᠤᠨ ᠰᠠᠭᠤᠷᠢᠨ ᠭᠠᠵᠠᠷ ᠪᠤᠯᠵᠡᠢ᠃ ᠮᠠᠯ ᠤᠨ ᠪᠥᠬᠦ ᠲᠤᠭ᠎ᠠ 2300 ᠲᠤᠯᠤᠭᠠᠢ᠂ 2014 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12600 ᠲᠥᠭᠦᠷᠢᠭ ᠲᠤ ᠬᠥᠷᠴᠡᠢ᠃ ᠪᠤᠳᠤᠭᠤᠨ ᠤᠰᠤ ᠭᠠᠴᠠᠭ᠎ᠠ ᠨᠢ ᠨᠠᠷᠠᠨ ᠬᠤᠸᠠᠷ᠂ ᠡᠷᠳᠡᠨᠢ ᠰᠢᠰᠢ ᠵᠡᠷᠭᠡ ᠲᠠᠷᠢᠮᠠᠯ ᠤᠨ ᠥᠢᠯᠡᠰ ᠪᠠ ᠬᠠᠰᠢᠶᠠᠯᠠᠨ ᠲᠡᠵᠢᠭᠡᠵᠤ ᠥᠷᠡᠵᠢᠬᠦᠯᠬᠦ ᠪᠠᠷ ᠭᠤᠤᠯ ᠠᠵᠤ ᠥᠢᠯᠡᠰ ᠢᠶᠠᠨ ᠪᠤᠯᠭᠠᠵᠤ᠂《 ᠺᠤᠮᠫᠠᠨᠢ + ᠭᠠᠴᠠᠭ᠎ᠠ + ᠲᠠᠷᠢᠶᠠᠴᠢᠨ》 ᠲᠠᠷᠢᠵᠤ ᠲᠡᠵᠢᠬᠡᠨ ᠥᠷᠡᠵᠢᠬᠦᠯᠬᠦ ᠬᠡᠯᠪᠡᠷᠢ ᠶᠢ ᠶᠡᠭᠡ ᠪᠠᠷ ᠠᠬᠢᠭᠤᠯᠵᠤ᠂ ᠲᠠᠷᠢᠮᠠᠯ ᠤᠨ ᠥᠢᠯᠡᠰ ᠪᠠ ᠲᠡᠵᠢᠬᠡᠨ ᠥᠷᠡᠵᠢᠬᠦᠯᠬᠦ ᠥᠢᠯᠡᠰ ᠢ ᠬᠠᠮᠳᠤᠪᠠᠷ ᠬᠥᠭᠵᠢᠬᠦᠯᠬᠦ ᠶᠢᠨ ᠬᠠᠮᠳᠤ᠂ ᠮᠠᠯᠴᠢᠨ ᠲᠠᠷᠢᠶᠠᠴᠢᠨ ᠤ ᠠᠷᠠᠯᠵᠢᠶ᠎ᠠ ᠬᠤᠳᠠᠯᠳᠤᠭ᠎ᠠ᠂ ᠢᠳᠡᠭᠡᠨ ᠣᠮᠳᠠᠭᠠᠨ᠂ ᠬᠤᠨᠤᠭ ᠰᠠᠭᠤᠴᠠ᠂ ᠨᠠᠭᠠᠳᠤᠮ ᠵᠡᠷᠭᠡ ᠥᠢᠯᠡᠴᠢᠯᠡᠭᠡᠨ ᠤ ᠥᠢᠯᠡᠰ ᠡᠷᠬᠢᠯᠡᠬᠦ ᠶᠢ ᠢᠳᠡᠪᠬᠢᠳᠠᠢ ᠵᠤᠷᠢᠭᠵᠢᠭᠤᠯᠵᠤ᠂ ᠮᠠᠯᠴᠢᠨ ᠲᠠᠷᠢᠶᠠᠴᠢᠨ ᠢ ᠬᠠᠪᠰᠤᠷᠴᠤ ᠤᠷᠤᠯᠭ᠎ᠠ ᠶᠢ ᠨᠢ ᠨᠡᠮᠡᠭᠳᠡᠬᠦᠯᠤᠨ ᠪᠠᠶᠠᠵᠢᠯ ᠤᠨ ᠠᠷᠭ᠎ᠠ ᠵᠠᠮ ᠢ ᠥᠷᠭᠡᠳᠭᠡᠳᠡᠭ᠃ᠴᠠᠭᠠᠨ ᠳᠡᠷᠡᠰᠣ ᠭᠠᠴᠠᠭ᠎ᠠ    ᠤᠯᠠᠨᠪᠤᠯᠠᠭ ᠭᠠᠴᠠᠭᠠᠨ ᠤ ᠡᠮᠤᠨᠡᠳᠤ ᠬᠡᠰᠡᠭ ᠲᠤ ᠪᠠᠶᠢᠷᠢᠯᠠᠵᠤ᠂ ᠪᠠᠶᠠᠨᠨᠠᠭᠤᠷ ᠬᠤᠳᠠ ᠪᠠ ᠪᠠᠶᠠᠨᠪᠤᠯᠠᠭ ᠭᠠᠴᠠᠭ᠎ᠠ ᠲᠠᠢ ᠬᠢᠯᠢ ᠵᠠᠯᠭᠠᠯᠳᠣᠵᠣ ᠪᠣᠢ᠃ ᠯᠢᠨ ᠾᠧ ᠠᠴᠠ ᠴᠡᠭᠡ ᠪᠤᠭᠤᠮᠳᠠ ᠬᠥᠷᠬᠦ ᠲᠡᠮᠤᠷ ᠵᠠᠮ ᠲᠤᠰ ᠭᠠᠴᠠᠭ᠎ᠠ ᠪᠠᠷ ᠥᠩᠭᠡᠷᠡᠵᠤ ᠪᠣᠢ᠃ ᠶᠡᠷᠤᠩᠭᠡᠢ ᠲᠠᠯᠠᠪᠠᠢ 773 ᠲᠡᠭᠰᠢ ᠳᠦᠷᠪᠡᠯᠵᠢᠨ ᠺᠢᠯᠤᠮᠧᠲᠷ᠂ ᠠᠰᠢᠭᠯᠠᠵᠤ ᠪᠤᠯᠬᠤᠶᠢᠴᠠ ᠪᠡᠯᠴᠢᠭᠡᠷ 1011530 ᠮᠣ᠋᠂ ᠲᠠᠷᠢᠮᠠᠯ ᠤᠨ ᠲᠠᠯᠠᠪᠠᠢ 320 ᠮᠣ᠋ ᠪᠣᠢ᠃ ᠳᠡᠯᠡᠭᠡᠢ ᠳᠡᠭᠡᠷᠡᠬᠢ ᠬᠠᠮᠤᠭ ᠲᠤᠮᠤ ᠬᠠᠮᠤᠭ ᠠᠩᠬᠠᠨ ᠤ ᠵᠠᠭ ᠮᠣᠳᠣᠨ ᠤ ᠣᠢ ︵ᠬᠥᠪᠡᠷ᠎ᠡ ᠶᠢᠨ ᠲᠠᠯ᠎ᠠ ᠶᠢᠨ ᠵᠠᠭ ᠮᠤᠳᠤᠨ ᠤ ᠣᠢ︶ ᠲᠤᠰ ᠭᠠᠴᠠᠭᠠᠨ ᠳᠤ ᠪᠠᠶᠢᠳᠠᠭ᠂ ᠲᠤᠰ ᠵᠠᠭ ᠮᠤᠳᠤᠨ ᠤ ᠣᠢ ᠶᠢᠨ ᠲᠠᠯᠠᠪᠠᠢ 14 ᠲᠥᠮᠡᠨ ᠮᠣ᠋ ᠪᠣᠢ᠃ ᠭᠠᠴᠠᠭᠠᠨ ᠳᠤ 107 ᠡᠷᠤᠬᠡ 308 ᠬᠥᠮᠤᠨ ᠲᠠᠢ᠂ ᠮᠤᠩᠭᠤᠯ᠂ ᠬᠢᠲᠠᠳ᠂ ᠬᠤᠳᠤᠩ᠂ ᠳ᠋ᠥᠩ ᠰᠢᠶᠠᠩ ᠵᠡᠷᠭᠡ ᠥᠨᠳᠣᠰᠣᠳᠡᠨ ᠰᠠᠭᠤᠷᠢᠰᠢᠵᠤ᠂ ᠡᠬᠦᠨ ᠳᠤ ᠢᠰᠯᠠᠮ ᠱᠠᠰᠢᠨ ᠢ ᠰᠢᠳᠤᠳᠡᠭ ᠮᠤᠩᠭᠤᠯ ᠥᠨᠳᠣᠰᠣᠳᠡᠨ 83.7 % ᠎ ᠶᠢ ᠡᠵᠡᠯᠡᠵᠤ ᠪᠤᠢ᠃ ᠮᠠᠯ ᠤᠨ ᠪᠥᠬᠦ ᠲᠤᠭ᠎ᠠ 12884 ᠲᠤᠯᠤᠭᠠᠢ᠂ ᠡᠬᠦᠨ ᠳᠤ ᠬᠤᠤᠰ ᠪᠥᠬᠦᠳᠤ ᠲᠡᠮᠡᠭᠡ 611᠎ ᠶᠢ ᠡᠵᠡᠯᠡᠵᠤ ᠪᠣᠢ᠃ 2013 ᠣᠨ ᠳᠤ᠂ ᠭᠠᠴᠠᠭᠠᠨ ᠤ ᠲᠤᠭᠳᠠᠮᠠᠯ ᠪᠡᠯᠡ ᠬᠥᠷᠥᠩᠭᠡ 37 ᠲᠥᠮᠡᠨ ᠲᠥᠭᠦᠷᠢᠭ ᠪᠠᠶᠢᠵᠤ᠂ ᠲᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12774 ᠲᠥᠭᠦᠷᠢᠭ ᠲᠤ ᠬᠥᠷᠴᠡᠢ᠃ᠰᠢᠨ᠎ᠠ ᠤᠰᠣ ᠭᠠᠴᠠᠭ᠎ᠠ    ᠤᠯᠠᠨᠪᠤᠯᠠᠭ ᠪᠠᠯᠭᠠᠰᠤᠨ ᠤ ᠪᠠᠷᠠᠭᠤᠨ ᠭᠡᠰᠡᠭ ᠲᠤ ᠪᠠᠶᠢᠷᠢᠯᠠᠵᠤ᠂ ᠵᠡᠬᠦᠨᠰᠢ ᠪᠠᠶᠠᠨᠨᠠᠭᠤᠷ ᠬᠤᠳᠠ ᠶᠢᠨ ᠤᠷᠠᠳ ᠤᠨ ᠬᠤᠶᠢᠳᠤ ᠬᠤᠰᠢᠭᠤᠨ ᠤ ᠪᠠᠶᠠᠨ ᠭᠤᠪᠢ ᠰᠤᠮᠤ ᠲᠠᠢ ᠬᠢᠯᠢ ᠵᠠᠯᠭᠠᠯᠳᠤᠵᠤ᠂ ᠵᠡᠬᠦᠨ ᠡᠮᠤᠨᠡᠰᠢ ᠲᠥᠬᠦᠮ ᠭᠠᠴᠠᠭ᠎ᠠ ᠲᠠᠢ ᠬᠤᠯᠪᠤᠯᠳᠤᠵᠤ᠂ ᠪᠠᠷᠠᠭᠤᠨ ᠬᠤᠶᠢᠰᠢ ᠢᠩᠭᠡᠨ ᠰᠣᠮᠣᠨ ᠤ ᠳᠠᠯᠠᠨᠲᠦ᠋ᠷᠤᠭᠦᠤ ᠭᠠᠴᠠᠭ᠎ᠠ ᠲᠠᠢ ᠵᠡᠷᠭᠡᠯᠳᠡᠵᠤ ᠪᠤᠢ᠃ ᠶᠡᠷᠥᠩᠭᠡᠢ ᠲᠠᠯᠠᠪᠠᠢ 1064 ᠲᠡᠭᠰᠢ ᠳᠦᠷᠪᠡᠯᠵᠢᠨ ᠺᠢᠯᠤᠮᠧᠲᠷ᠂ ᠨᠡᠶᠢᠳᠠ114 ᠡᠷᠤᠬᠡ 281 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ ᠪᠥᠬᠦ ᠬᠥᠮᠤᠨ ᠠᠮᠠ ᠶᠢᠨ56᠎ ᠶᠢ ᠡᠵᠡᠯᠡᠵᠤ ᠪᠣᠢ᠃ 2013 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10389 ᠲᠥᠭᠦᠷᠢᠭ ᠲᠤ ᠬᠥᠷᠴᠡᠢ᠃ ᠭᠤᠤᠯᠳᠠᠭᠤ ᠨᠤᠤᠯᠤᠷ ᠤᠨ ᠴᠠᠭᠠᠨ ᠢᠮᠠᠭ᠎ᠠ ᠪᠠ ᠠᠯᠠᠱᠠ ᠶᠢᠨ ᠬᠤᠤᠰ ᠪᠥᠬᠡᠳᠤ ᠲᠡᠮᠡᠭᠡ ᠪᠠᠷ ᠭᠤᠤᠯ ᠮᠠᠯᠵᠢᠯ ᠤᠨ ᠥᠢᠯᠡᠰ ᠪᠤᠯᠭᠠᠵᠤ᠂ ᠮᠠᠯ ᠤᠨ ᠨᠡᠶᠢᠳᠠ ᠲᠤᠭ᠎ᠠ 9230 ᠲᠤᠯᠤᠭᠠᠢ᠂ ᠬᠤᠤᠰ ᠪᠥᠬᠡᠳᠤ ᠲᠡᠮᠡᠭᠡ 830 ᠪᠣᠢ᠃       ᠮᠥᠩᠬᠡ ᠬᠠᠷᠭᠠᠨ᠎ᠠ ᠭᠠᠴᠠᠭ᠎ᠠ    ᠣᠯᠠᠨᠪᠤᠯᠠᠭ ᠪᠠᠯᠭᠠᠰᠤᠨ ᠠᠴᠠ ᠵᠡᠬᠦᠨᠰᠢ 4 ᠺᠢᠯᠣᠮᠧᠲᠷ ᠵᠠᠶᠢᠲᠠᠢ᠂ ᠤᠯᠠᠨᠪᠤᠬ᠎ᠠ ᠡᠯᠡᠰᠤᠨ ᠴᠥᠯ ᠤᠨ ᠪᠠᠷᠠᠭᠤᠨ ᠬᠤᠶᠢᠳᠤ ᠬᠡᠰᠡᠭ ᠲᠤ ᠪᠠᠶᠢᠷᠢᠯᠠᠵᠤ᠂ ᠴᠤᠯ ᠲᠠᠷᠢᠶᠠᠯᠠᠩ ᠥᠢᠯᠡᠰ ᠤᠨ ᠭᠠᠴᠠᠭ᠎ᠠ ᠪᠣᠯᠣᠨ᠎ᠠ᠃ ᠨᠡᠶᠢᠲᠠ 85 ᠡᠷᠤᠬᠡ 230 ᠬᠥᠮᠤᠨ ᠲᠠᠢ᠂ ᠲᠠᠷᠢᠶᠠᠨ ᠭᠠᠵᠠᠷ 4500 ᠮᠣ᠋ ᠪᠣᠢ᠃ ᠪᠥᠬᠦ ᠮᠠᠯ ᠤᠨ ᠲᠤᠭ᠎ᠠ 687 ᠲᠤᠯᠤᠭᠠᠢ᠂ ᠭᠤᠤᠯᠯᠠᠬᠤ ᠲᠠᠷᠢᠮᠠᠯ ᠤᠨ ᠡᠳ᠋ ᠨᠢ ᠨᠠᠷᠠᠨ ᠬᠤᠸᠠᠷ᠂ ᠡᠷᠳᠡᠨᠢ ᠰᠢᠰᠢ ᠵᠡᠷᠭᠡ ᠪᠣᠢ᠃ 2012 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 8200 ᠲᠥᠭᠦᠷᠢᠭ ᠲᠤ ᠬᠥᠷᠴᠡᠢ᠃        ᠪᠠᠶᠠᠨᠬᠠᠷ᠎ᠠ ᠭᠠᠴᠠᠭ᠎ᠠ    ᠤᠯᠠᠨᠪᠤᠯᠠᠭ ᠭᠠᠴᠠᠭᠠᠨ ᠤ ᠵᠡᠬᠦᠨ ᠬᠤᠶᠢᠳᠤ ᠬᠡᠰᠡᠭ ᠲᠤ ᠪᠠᠶᠢᠷᠢᠯᠠᠵᠤ᠂ ᠪᠠᠯᠭᠠᠰᠤᠨ ᠤ ᠵᠠᠰᠠᠭ ᠤᠨ ᠤᠷᠳᠤᠨ ᠤ ᠰᠠᠭᠤᠷᠢᠨ ᠭᠠᠵᠠᠷ ᠠᠴᠠ13 ᠺᠢᠯᠤᠮᠧᠲᠷ ᠵᠠᠶᠢᠲᠠᠢ᠂ ᠶᠡᠷᠥᠩᠭᠡᠢ ᠲᠠᠯᠠᠪᠠᠢ ᠨᠢ 534 ᠲᠡᠭᠰᠢ ᠳᠦᠷᠪᠡᠯᠵᠢᠨ ᠺᠢᠯᠤᠮᠧᠲᠷ᠂ ᠡᠬᠦᠨ ᠳᠤ ᠪᠡᠯᠴᠢᠭᠡᠷ ᠤᠨ ᠲᠠᠯᠠᠪᠠᠢ ᠨᠢ 72.5 ᠮᠣ᠋᠂ ᠡᠪᠡᠰᠤᠨ ᠬᠥᠷᠢᠶ᠎ᠡ 1500 ᠮᠣ᠋᠂ ᠮᠠᠯ 17569 ᠲᠤᠯᠤᠭᠠᠢ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠭᠠᠴᠠᠭᠠᠨ ᠳᠤ ᠨᠡᠶᠢᠳᠠ 115 ᠡᠷᠤᠬᠡ 289 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 99 ᠡᠷᠤᠬᠡ 235 ᠬᠥᠮᠤᠨ ᠪᠣᠢ᠃ 2014᠎ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11700 ᠲᠥᠭᠦᠷᠢᠭ ᠲᠤ ᠬᠥᠷᠴᠡᠢ᠃ ᠲᠥᠬᠦᠮ ᠭᠠᠴᠠᠭ᠎ᠠ    ᠤᠯᠠᠨᠪᠤᠯᠠᠭ ᠪᠠᠯᠭᠠᠰᠤᠨ ᠤ ᠪᠠᠷᠠᠭᠤᠨ ᠬᠡᠰᠡᠭ ᠲᠤ ᠪᠠᠶᠢᠷᠢᠯᠠᠵᠤ᠂ ᠵᠡᠬᠦᠨᠰᠢ ᠤᠯᠠᠨᠪᠤᠯᠠᠭ ᠪᠠᠯᠭᠠᠰᠣᠨ ᠤ ᠪᠠᠶᠠᠨᠮᠣᠳᠣ ᠭᠠᠴᠠᠭ᠎ᠠ ᠲᠠᠢ ᠵᠠᠯᠭᠠᠯᠳᠤᠨ᠂ ᠡᠮᠤᠨᠡᠰᠢ ᠵᠢᠷᠠᠳᠠᠢ ᠪᠠᠯᠭᠠᠰᠤᠨ ᠤ ᠭᠤᠷᠭᠠᠰᠤᠲᠠᠢ ᠭᠠᠴᠠᠭ᠎ᠠ ᠎ ᠲᠠᠢ ᠵᠠᠯᠭᠠᠯᠳᠣᠵᠣ᠂ ᠪᠠᠷᠠᠭᠤᠨᠰᠢ ᠵᠢᠷᠠᠳᠠᠢ ᠪᠠᠯᠭᠠᠰᠤᠨ ᠤ ᠳᠡᠷᠡᠳᠤ ᠭᠠᠴᠠᠭ᠎ᠠ ᠲᠠᠢ ᠵᠡᠷᠭᠡᠯᠳᠡᠨ᠂ ᠣᠮᠠᠷᠠᠰᠢ ᠪᠠᠶᠠᠨᠨᠠᠭᠤᠷ ᠬᠤᠳᠠ ᠶᠢᠨ ᠪᠠᠶᠠᠨ ᠭᠤᠪᠢ ᠰᠤᠮᠦ ᠲᠠᠢ ᠬᠤᠯᠪᠤᠯᠳᠤᠵᠤ ᠪᠣᠢ᠃ ᠭᠠᠴᠠᠭᠠᠨ ᠤ ᠶᠡᠷᠥᠩᠭᠡᠢ ᠲᠠᠯᠠᠪᠠᠢ ᠨᠢ 107327205 ᠮᠣ᠋᠂ ᠡᠬᠦᠨ ᠳᠤ ᠠᠰᠢᠭᠯᠠᠵᠤ ᠪᠤᠯᠬᠤᠶᠢᠴᠠ ᠶᠡᠷᠥᠩᠬᠡᠢ ᠲᠠᠯᠠᠪᠠᠢ 777180 ᠮᠣ᠋ ᠪᠣᠢ᠃ ᠭᠠᠴᠠᠭᠠᠨ ᠳᠤ ᠨᠡᠶᠢᠳᠠ 92 ᠡᠷᠤᠬᠡ 270 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 76᠎ %᠎ ᠶᠢ ᠡᠵᠡᠯᠡᠵᠤ ᠪᠣᠢ᠃ ᠭᠤᠤᠯᠳᠠᠭᠤ ᠨᠤᠤᠯᠤᠷ ᠤᠨ ᠴᠠᠭᠠᠨ ᠢᠮᠠᠭ᠎ᠠ᠂ ᠠᠯᠠᠱᠠ ᠶᠢᠨ ᠬᠤᠤᠰ ᠪᠥᠬᠡᠳᠤ ᠲᠡᠮᠡᠭᠡ ᠪᠠᠷ ᠭᠤᠤᠯ ᠮᠠᠯᠵᠢᠯ ᠤᠨ ᠥᠢᠯᠡᠰ ᠪᠤᠯᠭᠠᠵᠤ᠂  ᠪᠥᠬᠦ ᠮᠠᠯ ᠤᠨ ᠲᠤᠭ᠎ᠠ 25172 ᠲᠤᠯᠤᠭᠠᠢ᠂ ᠡᠬᠦᠨ ᠳᠤ ᠬᠤᠤᠰ ᠪᠥᠬᠦᠳᠤ ᠲᠡᠮᠡᠭᠡ 346 ᠪᠣᠢ᠃ 2013 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 13280 ᠲᠥᠭᠦᠷᠢᠭ ᠲᠤ ᠬᠥᠷᠴᠡᠢ᠃ ᠨᠠᠶᠢᠷᠠᠮᠳᠠᠯ ᠭᠠᠴᠠᠭ᠎ᠠ    ᠤᠯᠠᠨᠪᠤᠯᠠᠭ ᠪᠠᠯᠭᠠᠰᠤᠨ ᠤ ᠪᠠᠷᠠᠭᠤᠨ ᠡᠮᠤᠨᠡᠳᠤ ᠬᠡᠰᠡᠭ ᠲᠤ ᠪᠠᠶᠢᠷᠢᠯᠠᠵᠤ᠂ ᠪᠠᠯᠭᠠᠰᠤᠨ ᠠᠴᠠ 30 ᠺᠢᠯᠤᠮᠧᠲᠷ ᠵᠠᠶᠢᠲᠠᠢ᠃ ᠶᠡᠷᠥᠩᠭᠡᠢ ᠲᠠᠯᠠᠪᠠᠢ 920 ᠲᠡᠭᠰᠢ ᠳᠦᠷᠪᠡᠯᠵᠢᠨ ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 990 ᠮᠣ᠋᠂ ᠴᠤᠯ ᠮᠠᠯᠵᠢᠯ ᠤᠨ ᠭᠠᠴᠠᠭ᠎ᠠ ᠪᠣᠯᠣᠨ᠎ᠠ᠃ ᠭᠠᠴᠠᠭᠠᠨ ᠳᠤ ᠨᠡᠶᠢᠳᠠ 93 ᠡᠷᠤᠬᠡ 265 ᠬᠥᠮᠤᠨ ᠲᠠᠢ᠂ ᠮᠤᠩᠭᠤᠯ᠂ ᠬᠢᠲᠠᠳ᠂ ᠬᠤᠳᠤᠩ᠂ ᠳ᠋ᠦᠩ ᠰᠢᠶᠠᠩ ᠵᠡᠷᠭᠡ ᠥᠨᠳᠣᠰᠣᠳᠡᠨ ᠲᠠᠢ᠂ ᠡᠬᠦᠨ ᠳᠤ ᠢᠰᠯᠠᠮ ᠱᠠᠱᠢᠨ ᠢ ᠰᠢᠳᠤᠳᠡᠭ ᠮᠤᠩᠭᠤᠯ ᠥᠨᠳᠤᠰᠤᠳᠡᠨ 46%᠎ ᠶᠢ ᠡᠵᠡᠯᠡᠵᠤ᠂ ᠬᠤᠳᠤᠩ ᠥᠨᠳᠤᠰᠤᠳᠡᠨ49᠎ %᠎ ᠶᠢ ᠡᠵᠡᠯᠡᠵᠤ ᠪᠤᠢ᠃ ᠮᠠᠯ ᠤᠨ ᠪᠥᠬᠦ ᠲᠤᠭ᠎ᠠ 3000 ᠲᠤᠯᠤᠭᠠᠢ᠂ ᠲᠡᠮᠡᠭᠡ 780 ᠪᠥᠬᠦ ᠪᠣᠢ᠃ 2013 ᠣᠨ ᠳᠤ ᠭᠠᠴᠠᠭᠠᠨ ᠤ ᠲᠤᠭᠲᠠᠮᠠᠯ ᠪᠡᠯᠡ ᠬᠥᠷᠥᠩᠭᠡ ᠨᠢ 22 ᠲᠥᠮᠡᠨ ᠲᠥᠭᠦᠷᠢᠭ ᠲᠤ ᠬᠥᠷᠴᠤ᠂ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11106 ᠲᠥᠭᠦᠷᠢᠭ ᠲᠤ ᠬᠥᠷᠴᠡᠢ᠃ ᠪᠠᠶᠠᠨᠮᠤᠳᠤ ᠭᠠᠴᠠᠭ᠎ᠠ   ᠤᠯᠠᠨᠪᠤᠯᠠᠭ ᠪᠠᠯᠭᠠᠰᠤᠨ ᠤ ᠵᠡᠬᠦᠨ ᠬᠤᠶᠢᠳᠤ ᠬᠡᠰᠡᠭ ᠲᠤ ᠪᠠᠶᠢᠷᠢᠯᠠᠵᠤ᠂ ᠪᠠᠯᠭᠠᠰᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ 70 ᠺᠢᠯᠤᠮᠧᠲᠷ ᠵᠠᠶᠢᠲᠠᠢ᠂ 312 ᠮᠣᠵᠢ ᠶᠢᠨ ᠵᠠᠮ ᠲᠤᠰ ᠭᠠᠴᠠᠭ᠎ᠠ ᠪᠠᠷ ᠥᠩᠭᠡᠷᠡᠵᠤ ᠪᠠᠶᠢᠳᠠᠭ᠃ ᠭᠠᠴᠠᠭᠠᠨ ᠤ ᠶᠡᠷᠥᠩᠭᠡᠢ ᠲᠠᠯᠠᠪᠠᠢ 366.6 ᠲᠡᠭᠰᠢ ᠳᠦᠷᠪᠡᠯᠵᠢᠨ ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ 42 ᠮᠣ᠋᠂ ᠠᠭᠤᠯᠠᠷᠬᠠᠭ ᠭᠠᠵᠠᠷ ᠪᠠ ᠡᠯᠡᠰᠣᠨ ᠴᠥᠯ ᠎ ᠨᠢ ᠭᠠᠴᠠᠭᠠᠨ ᠤ ᠪᠥᠬᠦ ᠲᠠᠯᠠᠪᠠᠢ ᠶᠢᠨ 80 %᠎ ᠎ ᠶᠢ ᠡᠵᠡᠯᠡᠵᠤ ᠪᠣᠢ᠃ ᠭᠠᠴᠠᠭᠠᠨ ᠳᠤ ᠣᠳᠣ ᠪᠠᠶᠢᠭ᠎ᠠ ᠬᠥᠮᠤᠨ ᠠᠮᠠ 83 ᠡᠷᠤᠬᠡ 231 ᠬᠥᠮᠤᠨ ᠪᠣᠢ᠂ ᠮᠤᠩᠭᠤᠯ ᠥᠨᠳᠤᠰᠤᠳᠡᠨ 70 %᠎ ᠎ ᠶᠢ ᠡᠵᠡᠯᠡᠵᠤ᠂ ᠮᠠᠯ ᠤᠨ ᠲᠤᠭ᠎ᠠ 13240 ᠲᠤᠯᠤᠭᠠᠢ᠂ ᠨᠤᠤᠯᠤᠷ ᠤᠨ ᠴᠠᠭᠠᠨ ᠢᠮᠠᠭ᠎ᠠ ᠮᠠᠯᠵᠢᠬᠤ ᠪᠠᠷ ᠭᠤᠤᠯᠯᠠᠭᠰᠠᠨ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠪᠡᠯᠴᠢᠭᠡᠷ ᠲᠤ ᠨᠢ ᠭᠤᠤᠯᠳᠠᠭᠤ ᠨᠠᠶᠢᠯᠵᠠᠭᠤᠷ ᠬᠠᠷᠭᠠᠨ᠎ᠠ᠂ ᠬᠤᠳᠢᠷ᠂ ᠰᠤᠪᠤᠳ᠂ ᠬᠠᠷᠮᠠᠭ᠂ ᠤᠯᠠᠭᠠᠨ ᠪᠤᠳᠤᠷᠭᠠᠨ᠎ᠠ᠂ ᠤᠯᠠᠭᠠᠨ ᠪᠤᠶᠢᠯᠠᠰᠤ᠂ ᠪᠤᠷᠭᠤᠴᠤᠭ᠂ ᠰᠢᠳᠤᠷᠭᠠᠨ᠎ᠠ ᠵᠡᠷᠭᠡ ᠤᠷᠭᠤᠮᠠᠯ ᠲᠠᠢ᠂ 2013᠎ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 8712 ᠲᠥᠭᠦᠷᠢᠭ ᠲᠤ ᠬᠥᠷᠴᠡᠢ᠃ ᠴᠢᠭ ᠵᠠᠭ ᠭᠠᠴᠠᠭ᠎ᠠ    ᠤᠯᠠᠨᠪᠤᠯᠠᠭ ᠪᠠᠯᠭᠠᠰᠤᠨ ᠤ ᠰᠠᠭᠤᠭ᠎ᠠ ᠭᠠᠵᠠᠷ ᠠᠴᠠ ᠪᠠᠷᠠᠭᠤᠨᠰᠢ 9 ᠺᠢᠯᠤᠮᠧᠲᠷ ᠵᠠᠶᠢᠲᠠᠢ ᠎ ᠳᠤ ᠪᠠᠶᠢᠷᠢᠯᠠᠵᠤ᠂ ᠵᠠᠭ ᠮᠤᠳᠤᠨ ᠤ ᠤᠷᠭᠤᠴᠠ ᠰᠠᠶᠢᠳᠤᠷ ᠠᠴᠠ ᠪᠤᠯᠵᠤ ᠡᠶᠢᠮᠦ ᠨᠡᠷᠡᠶᠢᠳᠤᠯ ᠲᠠᠢ᠃ ᠲᠤᠰ ᠭᠠᠴᠠᠭ᠎ᠠ ᠎ ᠨᠢ ᠭᠤᠤᠯ ᠤᠨ ᠤᠰᠤᠯᠤᠯᠳᠠ ᠶᠢᠨ ᠤᠷᠤᠨ ᠳᠤ ᠬᠠᠷᠢᠶᠠᠯᠠᠭᠳᠠᠵᠤ᠂ ᠭᠠᠵᠠᠷ ᠤᠨ ᠪᠠᠶᠢᠴᠠ ᠨᠢ ᠨᠠᠮ ᠲᠡᠭᠰᠢᠭᠡᠨ᠂ ᠭᠠᠵᠠᠷ ᠰᠢᠷᠤᠢ ᠥᠩ ᠰᠢᠮᠢᠯᠢᠭ᠂ ᠤᠰᠤᠨ ᠤ ᠡᠮᠬᠢ ᠪᠠᠶᠠᠯᠢᠭ ᠡᠯᠪᠡᠭ ᠳᠡᠯᠪᠡᠭ ᠶᠤᠮ᠃ 1984 ᠣᠨ ᠳᠤ ᠨᠡᠭᠡᠭᠡᠯᠳᠠ ᠬᠢᠵᠤ ᠪᠦᠳᠦᠭᠡᠨ ᠪᠠᠶᠢᠭᠤᠯᠤᠭᠰᠠᠨ ᠠᠴᠠ ᠨᠠᠭᠠᠰᠢ᠂ 30 ᠵᠢᠯ ᠤᠨ ᠬᠥᠭᠵᠢᠯᠳᠠ ᠪᠠᠷ ᠳᠠᠮᠵᠢᠨ᠂ ᠣᠳᠣ ᠨᠢᠭᠡᠨᠳᠠ ᠤᠯᠠᠨᠪᠤᠯᠠᠭ ᠪᠠᠯᠭᠠᠰᠤᠨ ᠤ ᠴᠢᠬᠤᠯᠠ ᠠᠮᠦ ᠪᠤᠳᠠᠭᠠᠨ ᠤ ᠰᠠᠭᠤᠷᠢᠨ ᠭᠠᠵᠠᠷ ᠪᠤᠯᠵᠡᠢ᠃ ᠭᠠᠴᠠᠭᠠᠨ ᠤ ᠥᠢᠯᠡᠳᠪᠤᠷᠢᠯᠡᠯ ᠨᠢ ᠲᠠᠷᠢᠶᠠᠯᠠᠩ ᠢᠶᠠᠷ ᠭᠤᠤᠯᠯᠠᠵᠤ᠂ ᠨᠡᠶᠢᠳᠠ 76 ᠡᠷᠤᠬᠡ 270 ᠮᠠᠯᠴᠢᠨ ᠲᠠᠷᠢᠶᠠᠴᠢᠨ ᠲᠠᠢ᠂ ᠨᠠᠭᠠᠳᠤ ᠵᠠᠬ᠎ᠠ ᠶᠢᠨ ᠪᠠᠳᠤᠯᠠᠭᠠᠳᠤ ᠡᠷᠤᠬᠡ 7 ᠡᠷᠤᠬᠡ 12 ᠬᠥᠮᠤᠨ ᠪᠤᠢ᠃ ᠲᠠᠷᠢᠶᠠᠨ ᠭᠠᠵᠠᠷ 3345 ᠮᠣ᠋᠂ ᠥᠢᠳᠤ ᠭᠠᠵᠠᠷ 200 ᠮᠣ᠋᠂ ᠮᠠᠯ ᠤᠨ ᠲᠤᠭ᠎ᠠ 2200 ᠲᠤᠯᠤᠭᠠᠢ᠂ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠥᠳᠤᠭᠡᠭᠳᠡᠬᠦᠨ ᠤ ᠲᠥᠷᠤᠯ ᠵᠥᠢᠯ ᠨᠢ ᠡᠷᠳᠡᠨᠢ ᠰᠢᠰᠢ᠂ ᠨᠠᠷᠠᠨ ᠬᠤᠸᠠᠷ᠂ ᠥᠷᠡᠳᠤ ᠭᠤᠸᠠ ᠪᠠ ᠢᠮᠠᠭ᠎ᠠ ᠥᠭᠡᠷ ᠤᠨ ᠮᠠᠯ ᠢᠶᠠᠷ ᠭᠤᠤᠯᠯᠠᠳᠠᠭ᠃ 2012 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 9077 ᠲᠥᠭᠦᠷᠢᠭ ᠲᠤ ᠬᠥᠷᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号