ᠬᠠᠳᠠᠭ ᠲᠠᠢ ᠵᠣᠯᠭᠠᠬᠤ ᠶᠣᠰᠣ
ᠨᠡᠶᠢᠲᠡᠯᠡᠭᠰᠡᠨ ᠴᠠᠭ᠄
2019/6/14
ᠬᠠᠳᠠᠭ ᠲᠠᠢ ᠵᠣᠯᠭᠠᠬᠤ᠂ ᠬᠠᠳᠠᠭ ᠪᠠᠷᠢᠵᠤ ᠵᠣᠯᠭᠠᠬᠤ ᠨᠢ ᠵᠣᠯᠭᠠᠭᠴᠢ ᠪᠠᠨ ᠬᠦᠨᠳᠦᠳᠭᠡᠵᠦ ᠪᠠᠶᠢᠭ᠎ᠠ ᠪᠠᠨ ᠢᠯᠡᠷᠬᠡᠶᠢᠯᠡᠬᠦ ᠲᠠᠯ᠎ᠠ ᠪᠠᠷ ᠢᠶᠠᠨ ᠠᠳᠠᠯᠢ ᠪᠣᠯᠪᠠᠴᠤ ᠢᠯᠭᠠᠭ᠎ᠠ ᠲᠠᠢ ᠲᠠᠯ᠎ᠠ ᠪᠤᠢ᠃ ᠬᠠᠳᠠᠭ ᠪᠠᠷᠢᠵᠤ ᠵᠣᠯᠭᠠᠬᠤ ᠶᠣᠰᠣᠨ ᠳᠤ ᠳᠡᠭᠦᠦ ᠬᠦᠮᠦᠨ ᠨᠢ ᠠᠬᠠᠮᠠᠳ ᠲᠠᠭᠠᠨ ᠬᠠᠳᠠᠭ ᠢᠶᠠᠨ ᠪᠦᠷᠢᠮᠦᠰᠦᠨ ᠥᠭᠴᠦ ᠵᠣᠯᠭᠠᠳᠠᠭ ᠪᠣᠯ ᠬᠠᠳᠠᠭ ᠲᠠᠢ ᠵᠣᠯᠭᠠᠬᠤ ᠶᠣᠰᠣᠯᠠᠯ ᠳᠤ ᠬᠠᠳᠠᠭ ᠢᠶᠠᠨ ᠬᠦᠮᠦᠨ ᠳᠤ ᠥᠭᠳᠡᠭ ᠦᠭᠡᠢ᠂ ᠢᠮᠠᠭᠲᠠ ᠥᠪᠡᠷ ᠲᠡᠭᠡᠨ ᠠᠪᠴᠤ ᠪᠠᠶᠢᠳᠠᠭ᠃ ᠶᠠᠮᠠᠷ ᠴᠤ ᠨᠠᠰᠤᠨ ᠤ ᠬᠦᠮᠦᠨ ᠲᠠᠢ ᠬᠠᠳᠠᠭ ᠲᠠᠢ ᠵᠣᠯᠭᠠᠵᠤ ᠪᠣᠯᠤᠨ᠎ᠠ᠃ ᠬᠠᠳᠠᠭ ᠲᠠᠢ ᠵᠣᠯᠭᠠᠨ᠎ᠠ ᠭᠡᠳᠡᠭ ᠨᠢ ᠬᠠᠳᠠᠭ ᠤᠨ ᠢᠶᠠᠨ ᠨᠢᠭᠡ ᠦᠵᠦᠭᠦᠷ ᠠᠴᠠ ᠪᠠᠷᠠᠭᠤᠨ ᠭᠠᠷ ᠤᠨ ᠢᠶᠠᠨ ᠢᠳᠠᠮ ᠬᠤᠷᠤᠭᠤ ᠶᠢ ᠳᠣᠲᠣᠷ᠎ᠠ ᠲᠠᠯ᠎ᠠ ᠠᠴᠠ ᠨᠢ ᠨᠠᠷᠠ ᠵᠥᠪ ᠬᠤᠶᠠᠷ ᠣᠷᠢᠶᠠᠭᠠᠳ ᠰᠢᠭᠡᠵᠡᠢ ᠬᠤᠷᠤᠭᠤ ᠲᠠᠢ ᠲᠠᠯ᠎ᠠ ᠤᠷᠤᠭᠤ ᠳᠣᠭᠤᠭᠰᠢ ᠤᠨᠵᠢᠭᠤᠯᠤᠭᠰᠠᠨ ᠴᠢᠭ ᠢᠶᠠᠷ ᠢᠶᠠᠨ ᠵᠣᠯᠭᠠᠨ᠎ᠠ᠃ ᠮᠥᠨ ᠲᠠᠨ ᠢ ᠵᠣᠯᠭᠠᠬᠤ ᠭᠡᠳ ᠳᠥᠬᠦᠵᠦ ᠣᠴᠢᠬᠤ ᠳᠤ ᠴᠠᠭᠠᠳᠤ ᠬᠦᠮᠦᠨ ᠬᠠᠳᠠᠭ ᠠᠪᠴᠤ ᠬᠤᠷᠤᠭᠤ ᠶᠢ ᠪᠠᠨ ᠣᠷᠢᠶᠠᠭᠠᠳ ᠡᠬᠢᠯᠡᠪᠡᠯ ᠲᠠ ︽ᠡᠨᠡ ᠬᠦᠮᠦᠨ ᠨᠠᠮᠠᠶᠢ ᠶᠡᠬᠡᠳᠡ ᠬᠦᠨᠳᠦᠳᠭᠡᠵᠦ ᠪᠠᠶᠢᠭ᠎ᠠ ᠶᠤᠮ ᠪᠠᠶᠢᠨ᠎ᠠ︾ ᠭᠡᠵᠦ ᠪᠣᠳᠣᠭᠠᠷᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号