ᠲᠡᠮᠡᠭᠡᠨ ᠠᠶᠠᠨ ᠤ ᠲᠡᠮᠡᠭᠡ ᠰᠢᠯᠢᠵᠣ ᠪᠠᠷᠢᠬᠤ ᠪᠠ ᠰᠣᠶᠢᠬᠤ ᠶᠣᠰᠣ ᠵᠠᠩᠰᠢᠯ
ᠨᠡᠶᠢᠲᠡᠯᠡᠭᠰᠡᠨ ᠴᠠᠭ᠄
2019/6/14
     ᠠᠶᠠᠨ ᠵᠠᠮ ᠬᠤᠯᠠ᠂ ᠪᠡᠷᠭᠡ ᠪᠠᠷᠲᠠᠭ᠎ᠠ ᠠᠷᠪᠢᠨ᠂ ᠠᠴᠢᠶ᠎ᠠ ᠬᠦᠰᠭᠡ ᠬᠦᠨᠳᠣ ᠨᠦᠰᠡᠷ᠂ ᠴᠠᠭ ᠵᠠᠢ ᠣᠳᠠᠭᠠᠨ ᠦᠷᠬᠦᠯᠵᠢᠯᠡᠬᠦ ᠲᠣᠯᠠ ᠠᠶᠠᠨ ᠤ ᠳᠡᠮᠡᠭᠡ ᠪᠠᠨ ᠰᠠᠶᠢᠲᠣᠷ ᠰᠢᠯᠢᠵᠣ᠂ ᠠᠶᠠᠨ ᠵᠠᠮ ᠤᠨ ᠢᠯᠭᠤᠮ ᠰᠢᠯᠣᠭᠤᠨ ᠢ ᠪᠠᠳᠣᠯᠠᠬᠤ ᠨᠢ ᠨᠢᠭᠡᠨ ᠴᠢᠬᠤᠯᠠ ᠠᠵᠢᠯ ᠪᠣᠯᠳᠠᠭ᠃ ᠠᠶᠠᠨ ᠤ ᠲᠡᠮᠡᠭᠡᠨ ᠳᠤ ᠢᠳᠡᠷ ᠵᠠᠯᠠᠭᠤ ᠠᠲᠠᠳ ᠢᠶᠠᠷ ᠭᠤᠣᠯᠯᠠᠵᠣ᠂ ᠬᠠᠮᠤᠭ ᠪᠠᠭ᠎ᠠ ᠨᠢ ᠲᠦᠨᠡᠨ ᠲᠠᠶᠢᠯᠤᠭ᠂ ᠬᠠᠮᠤᠭ ᠬᠦᠭᠰᠢᠨ ᠳᠡᠭᠡᠨ ᠰᠢᠳᠣ ᠬᠢᠷᠪᠢᠭᠰᠡᠨ ᠠᠲᠠ᠂ ᠪᠠᠰᠠ ᠠᠰᠠᠮᠠᠨ᠂ ᠪᠦᠭᠡᠷᠡᠳᠡᠩ᠂ ᠡᠷᠡᠮᠡᠭ  ᠢᠩᠭᠡ᠂ ᠰᠣᠪᠠᠢ ᠢᠩᠭᠡ ᠶᠢ ᠴᠦ ᠰᠢᠯᠢᠵᠣ ᠪᠠᠷᠢᠬᠤ ᠪᠦᠭᠡᠳ ᠴᠠᠭ ᠵᠢᠯ ᠦᠩ ᠎ ᠲᠠᠢ᠂ ᠲᠠᠷᠭᠤ ᠬᠦᠴᠣ ᠰᠠᠶᠢᠨ ᠲᠣᠭᠲᠠᠭᠰᠠᠨ ᠵᠢᠯ ᠬᠠᠶᠢᠮᠠᠯ ᠢᠩᠭᠡ ᠶᠢ ᠴᠦ ᠨᠠᠮᠣᠷ ᠤᠨ ᠠᠶᠠᠨ ᠳᠤ ᠪᠠᠷᠢᠳᠠᠭ᠃ ᠬᠠᠷᠢᠨ ᠮᠠᠶᠢᠭ᠎ᠠ᠂ ᠪᠣᠷᠪᠢ ᠪᠠᠨ ᠬᠠᠪᠢᠷᠳᠠᠭ᠂ ᠬᠢᠮᠦᠰᠣ ᠲᠠᠪᠠᠭ ᠰᠣᠯᠠ᠂ ᠴᠡᠭᠡᠵᠢ ᠮᠠᠭᠤᠲᠠᠢ᠂ ᠳᠡᠯᠡᠩ ᠬᠦᠬᠦ ᠲᠠᠢ ᠲᠡᠮᠡᠭᠡ ᠶᠢ ᠠᠶᠠᠨ ᠳᠤ ᠪᠠᠷᠢᠳᠠᠭ ᠦᠭᠡᠢ ᠪᠢᠯᠡ᠃ ᠲᠡᠮᠡᠭᠡᠨ ᠠᠶᠠᠨ ᠶᠡᠷᠦ ᠳᠡᠭᠡᠨ ᠡᠪᠣᠯ ᠤᠨ ᠡᠬᠢᠨ ᠠᠴᠠ ᠡᠬᠢᠯᠡᠳᠡᠭ ᠲᠣᠯᠠ ᠠᠶᠠᠨ ᠤ ᠲᠡᠮᠡᠭᠡ ᠪᠠᠨ ᠨᠢᠭᠡᠳᠦᠯᠲᠠᠢ ᠣᠰᠣᠯᠠᠵᠣ ᠪᠠᠷᠢᠭᠠᠳ 5 ᠡᠳᠦᠷ ᠠᠴᠠ  ᠴᠢᠨᠠᠭᠰᠢ ᠣᠶᠠᠵᠣ ᠰᠦᠢᠳᠠᠭ᠃ ᠭᠡᠬᠦ ᠳᠡᠭᠡᠨ ᠮᠦᠨ ᠡᠳᠦᠷ ᠪᠦᠷᠢ ᠠᠮᠠᠨ ᠵᠠᠪᠠᠭ᠎ᠠ ᠶᠢ ᠨᠢ ᠭᠠᠷᠭᠠᠳᠠᠭ᠃ ᠠᠶᠠᠨ ᠤ ᠲᠡᠮᠡᠭᠡ ᠪᠠᠨ ᠰᠠᠶᠢᠲᠦᠷ  ᠰᠣᠶᠢᠭᠠᠳ ᠠᠶᠠᠨ ᠳᠤ ᠡᠬᠢᠯᠡᠵᠣ ᠭᠠᠷᠳᠠᠭ᠃ ᠠᠶᠠᠨ ᠳᠤ ᠭᠠᠷᠣᠭᠰᠠᠨ ᠤ ᠪᠠᠨ ᠲᠠᠷᠣᠢ 5 — 8 ᠡᠳᠦᠷ ᠤᠨ ᠳᠠᠷᠠᠭ᠎ᠠ ᠳᠠᠬᠢᠨ ᠲᠡᠮᠡᠭᠡ ᠪᠠᠨ ᠠᠮᠠᠷᠠᠭᠠᠵᠤ ᠣᠰᠣᠯᠠᠭᠠᠳ ᠣᠰᠣᠨ ᠰᠦᠢᠯ ᠢ ᠨᠢ ᠲᠠᠯᠪᠢᠳᠠᠭ᠃ ᠠᠶᠠᠨ ᠲᠡᠮᠡᠭᠡᠨ ᠤ ᠣᠶᠠᠭ᠎ᠠ ᠰᠦᠢᠯᠭ᠎ᠠ᠂ ᠣᠰᠣᠨ ᠰᠦᠢᠯ ᠨᠢ ᠪᠦᠷ ᠲᠡᠮᠡᠭᠡᠨ ᠤ ᠲᠠᠷᠭᠤ ᠬᠦᠴᠣ ᠬᠠᠳᠠᠭᠠᠯᠠᠬᠤ᠂ ᠬᠢᠮᠦᠰᠣ ᠳᠠᠪᠠᠭ ᠢ ᠪᠠᠬᠢᠵᠢᠬᠦᠯᠬᠦ᠂ ᠴᠢᠳᠠᠯ ᠰᠢᠨᠳᠠᠰᠤ ᠶᠢ ᠰᠠᠶᠢᠵᠢᠷᠠᠭᠤᠯᠵᠣ᠂ ᠨᠡᠩ ᠴᠢᠨᠠᠭᠰᠢᠯᠠᠨ ᠲᠣᠰᠣᠩᠭᠤᠷᠠᠵᠣ ᠬᠠᠮᠠᠭᠤᠷᠠᠬᠤ ᠠᠴᠠ ᠰᠡᠷᠭᠡᠶᠢᠯᠡᠵᠣ ᠴᠢᠳᠠᠬᠤ ᠲᠣᠯᠠ ᠲᠣᠩ ᠴᠢᠬᠤᠯᠠ ᠠᠵᠢᠯ ᠤᠨ ᠨᠢᠭᠡ ᠪᠣᠯᠳᠠᠭ᠃ ᠠᠶᠠᠨ ᠤ ᠲᠡᠮᠡᠭᠡᠨ ᠤ ᠠᠩᠬᠠᠨ ᠤ ᠣᠰᠣᠨ ᠰᠦᠢᠯ ᠢ ᠨᠢ ᠲᠠᠯᠪᠢᠭᠰᠠᠨ ᠠᠴᠠ ᠬᠤᠶᠢᠰᠢ 5 — 7 ᠡᠳᠣᠷ ᠲᠤ ᠨᠢᠭᠡ ᠣᠳᠠᠭ᠎ᠠ ᠣᠰᠣᠯᠠᠳᠠᠭ᠃ ᠬᠡᠬᠦ ᠎ ᠳᠡᠭᠡᠨ ᠣᠰᠣᠯᠠᠬᠤ ᠠᠴᠠ ᠪᠠᠨ ᠡᠮᠣᠨ᠎ᠡ ᠨᠢᠭᠡ ᠡᠳᠦᠷ ᠲᠡᠮᠡᠭᠡ ᠪᠠᠨ ᠪᠦᠬᠦᠨ ᠢ ᠠᠮᠠᠷᠠᠭᠠᠵᠣ ᠢᠳᠡᠰᠢᠯᠡᠭᠦᠯᠳᠡᠭ᠃ ᠡᠮᠨᠢᠭ ᠲᠡᠮᠡᠭᠡ ᠠᠶᠠᠨ ᠳᠤ ᠶᠠᠪᠣᠬᠤ ᠳᠤ ᠵᠠᠪᠠᠯ ᠣᠷᠢᠳ ᠢᠶᠠᠷ ᠬᠦᠳᠦᠯᠵᠣ ᠬᠠᠮᠠᠷ ᠢ ᠨᠢ ᠳᠠᠰᠬᠠᠬᠤ ᠴᠢᠬᠤᠯᠠ ᠲᠠᠢ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号