ᠬᠤᠨᠢ ᠡᠪᠳᠡᠬᠦ ᠶᠤᠰᠣᠨ
ᠨᠡᠶᠢᠲᠡᠯᠡᠭᠰᠡᠨ ᠴᠠᠭ᠄
2019/6/14
ᠬᠤᠨᠢ ᠡᠪᠳᠡᠬᠦ ᠳᠤ ᠮᠦᠨ ᠨᠠᠷᠢᠨ ᠡᠮᠬᠢ ᠲᠠᠷᠠᠭ᠎ᠠ ᠲᠠᠢ ᠬᠢᠳᠡᠭ᠃ ᠬᠠᠮᠤᠭ ᠲᠡᠷᠢᠬᠦᠨ ᠳᠤ ᠡᠪᠴᠢᠭᠦᠦ ᠶᠢ ᠨᠢ ᠲᠡᠭᠡᠳᠦ ᠲᠠᠯ᠎ᠠ ᠠᠴᠠ ᠨᠢ ᠲᠣᠷᠣᠭᠰᠢ ᠬᠢᠲᠤᠭ᠎ᠠ ᠪᠠᠷ ᠬᠠᠳᠠᠷᠠᠵᠣ ᠠᠪᠣᠨ᠎ᠠ᠃ ᠲᠠᠷᠠᠭ᠎ᠠ ᠪᠠᠷ ᠨᠢ ᠢᠷᠴᠠᠭ ︵ᠬᠤᠶᠠᠷ ᠰᠡᠭᠦᠵᠢᠨ ᠤ ᠠᠭᠤᠯᠵᠠᠭᠤᠷ ᠶᠠᠰᠦ︶᠎ ᠢ ᠬᠢᠳᠣᠭᠠᠯᠠᠨ ᠰᠠᠯᠭᠠᠵᠣ᠂ ᠭᠤᠶ᠎ᠠ ᠣᠭᠤᠴᠠ ᠶᠢ ᠦᠶᠡᠯᠡᠨ ᠠᠪᠴᠣ ᠬᠠ ᠶᠢ ᠵᠦᠪ ᠲᠠᠯ᠎ᠠ ᠠᠴᠠ ᠨᠢ ᠡᠬᠢᠯᠡᠵᠤ ᠬᠠᠪᠢᠰᠣᠨ ᠲᠣᠯᠣᠭᠠᠢ ᠶᠢ ᠨᠢᠭᠡ ᠨᠢᠭᠡ ᠪᠠᠷ ᠬᠠᠳᠠᠷᠠᠨ ᠠᠪᠴᠦ ᠬᠦᠵᠦᠭᠦᠦ ᠰᠡᠭᠡᠷ ᠢ ᠎ ᠨᠢ ᠳᠣᠣᠷ᠎ᠠ ᠠᠴᠠ ᠨᠢ ᠳᠡᠭᠡᠭᠰᠢ ᠲᠡᠰ ᠳᠠᠷᠠᠭᠠᠯᠠᠨ ᠰᠠᠯᠭᠠᠵᠣ ᠪᠠᠷᠠᠭᠤᠨ ᠲᠣᠯᠣᠭᠠᠢ ᠰᠢᠬᠢᠷ᠎ᠡ ᠶᠢ ᠠᠷᠠᠰᠣᠨ ᠰᠠᠯᠭᠠᠵᠦ᠂ ᠠᠷᠠᠰᠣ ᠶᠢ ᠰᠡᠯᠬᠢ ᠵᠢᠪᠡᠷ ᠨᠡᠪᠳᠡᠷᠡᠬᠦ ᠲᠤᠬᠢᠳᠠᠢ ᠭᠠᠵᠠᠷ ᠲᠠᠯᠭᠡᠵᠣ ᠡᠪᠡᠷᠡᠭᠡᠨ᠎ᠡ᠃ ᠬᠤᠨᠢ ᠡᠪᠳᠡᠭᠦ ᠳᠤ ᠣᠨᠴᠠᠭᠠᠢ ᠠᠩᠬᠠᠷᠬᠤ ᠵᠦᠢᠯ ᠭᠡᠪᠡᠯ ᠲᠠᠷᠦᠢ ᠡᠪᠴᠢᠭᠦᠦ᠂ ᠬᠤᠶᠠᠷ ᠬᠠ᠂ ᠣᠭᠤᠴᠠ ᠰᠡᠭᠦᠯ ᠢ ᠦ ᠰᠡᠪ ᠦᠭᠡᠢ ᠴᠡᠪᠡᠷ ᠰᠠᠶᠢᠬᠠᠨ ᠡᠪᠳᠡᠵᠤ ᠠᠪᠬᠤ ᠳᠤ ᠣᠷᠣᠰᠢᠨ᠎ᠠ᠃ ᠮᠣᠩᠭᠤᠯᠴᠦᠳ ᠬᠤᠨᠢ ᠵᠠᠷᠦᠬᠤ ᠠᠴᠠ ᠡᠭᠢᠯᠡᠨ ᠬᠤᠨᠢ ᠡᠪᠳᠡᠵᠣ ᠳᠡᠭᠦᠰᠭᠡᠬᠦ ᠬᠦᠷᠳᠡᠯ᠎ᠡ ᠢᠷ ᠰᠠᠶᠢᠲᠠᠢ ᠬᠢᠲᠤᠭ᠎ᠠ ᠎ ᠠᠴᠠ ᠦᠭᠡᠷ᠎ᠡ ᠶᠠᠮᠠᠷᠴᠦ ᠪᠠᠭᠠᠵᠢ ᠬᠡᠷᠡᠭᠰᠡᠯ ᠢ ᠬᠡᠷᠡᠭᠯᠡᠳᠡᠭ ᠦᠬᠡᠢ ᠵᠠᠩᠰᠢᠯ ᠲᠠᠢ ᠶᠣᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号