ᠤᠯᠠᠭᠠᠨ ᠢᠳᠡᠭᠡᠨ ᠤ ᠬᠤᠷᠢᠨ ᠲᠦᠷᠪᠡᠨ ᠬᠡᠯᠡᠯᠭᠡ
ᠨᠡᠶᠢᠲᠡᠯᠡᠭᠰᠡᠨ ᠴᠠᠭ᠄
2019/6/25
ᠲᠡᠩᠨᠡᠢ ᠢᠳᠡᠪᠡᠯ ᠤᠷᠠᠨ ᠪᠤᠯᠤᠨ᠎ᠡ ᠬᠡᠯᠡ ᠢᠳᠡᠪᠡᠯ ᠬᠡᠯᠡ ᠬᠤᠷᠴᠠ ᠪᠤᠯᠤᠨ᠎ᠡ ᠲᠡᠷᠢᠬᠢ ᠢᠳᠡᠪᠡᠯ ᠮᠤᠨᠳᠤᠤ ᠪᠤᠯᠤᠨ᠎ᠡ ᠨᠤᠭᠤᠰᠦ ᠢᠳᠡᠪᠡᠯ ᠨᠢᠰᠤᠬᠠᠢ ᠪᠤᠯᠤᠨ᠎ᠡ ᠴᠢᠮᠦᠭᠡ ᠢᠳᠡᠪᠡᠯ ᠤᠢ ᠮᠠᠭᠤᠳᠠᠢ ᠪᠤᠯᠤᠨ᠎ᠡ ᠰᠠᠯᠪᠠᠩ ᠢᠳᠡᠪᠡᠯ ᠰᠠᠯᠠᠩ ᠪᠤᠯᠤᠨ᠎ᠡ ᠬᠤᠵᠢᠷᠬᠠᠢ ᠢᠳᠡᠪᠡᠯ ᠬᠦᠬᠦᠨ ᠳᠤ ᠰᠦ ᠪᠠᠭᠤᠨ᠎ᠡ ᠰᠢᠯᠢ ᠢᠳᠡᠪᠡᠯ ᠭᠡᠵᠢᠭᠡ ᠰᠠᠶᠢᠨ ᠤᠷᠭᠤᠨ᠎ᠡ ᠬᠦᠵᠡᠭᠡ ᠢᠳᠡᠪᠡᠯ ᠰᠢᠳᠦ ᠬᠤᠷᠴᠠ ᠪᠤᠯᠤᠨ᠎ᠡ ᠲᠡᠯᠢᠭᠦᠦ ᠢᠳᠡᠪᠡᠯ ᠴᠢᠷᠡᠢ ᠬᠦᠬᠡᠷᠡᠨ᠎ᠡ ᠵᠢᠷᠦᠭᠡ ᠢᠳᠡᠪᠡᠯ ᠤᠨᠳᠠᠩᠬᠠᠢ ᠪᠤᠯᠤᠨ᠎ᠡ ᠮᠦᠬᠡᠷᠰᠦ ᠢᠳᠡᠪᠡᠯ ᠤᠯᠢᠭᠠᠷ ᠪᠤᠯᠤᠨ᠎ᠡ ᠱᠠᠭ᠎ᠠ ᠰᠠᠶᠢᠬᠠᠨ ᠵᠠᠰᠠᠪᠠᠯ ᠬᠦᠦ ᠰᠠᠶᠢᠬᠠᠨ ᠲᠦᠷᠦᠨ᠎ᠡ ᠲᠤᠶᠢᠭ ᠰᠠᠶᠢᠬᠠᠨ ᠵᠠᠰᠠᠪᠠᠯ ᠦᠬᠢᠨ ᠰᠠᠶᠢᠬᠠᠨ ᠲᠦᠷᠦᠨ᠎ᠡ ᠬᠡᠦᠬᠡᠨ ᠬᠦᠮᠦᠨ ᠭᠤᠳᠤᠩ ᠢᠳᠡᠪᠡᠯ ᠮᠤᠷᠳᠠᠬᠤ ᠦᠶ᠎ᠡ ᠳᠤ ᠮᠤᠷᠢ ᠨᠢ ᠲᠤᠶᠢᠯᠡᠨ᠎ᠡ ᠁ ᠡᠬᠦᠨ ᠳᠤ ᠰᠠᠶᠢᠨ ᠭᠡᠳᠡᠭ ᠢ ᠬᠡᠦᠬᠡᠳ ᠲᠤ ᠢᠳᠡᠭᠦᠯᠵᠦ᠂ ᠮᠠᠭᠤ ᠭᠡᠰᠡᠨ ᠢ ᠨᠢ ᠨᠠᠰᠤᠳᠠᠶᠢᠴᠤᠳ ᠢᠳᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号