| ᠦᠪᠦᠷ ᠮᠤᠩᠭᠤᠯ ᠤᠨ ᠤᠯᠠᠩᠬᠢ ᠭᠠᠵᠠᠷ ᠲᠤ ᠵᠤᠲᠤᠭᠲᠤ ᠪᠤᠶᠤ ᠪᠦᠰᠡᠯᠡᠬᠦᠷᠲᠤ ᠪᠦᠬᠡ ᠪᠠᠷᠢᠯᠲᠤᠲᠠᠭ ᠪᠤᠯ ᠠᠯᠠᠱᠠ | ᠳᠤ ᠡᠷᠲᠡ ᠦᠶ᠎ᠡ ᠠᠴᠠ ︽ᠱᠠᠯᠪᠤᠷ ᠪᠦᠬᠡ︾ ᠮᠦᠷᠦᠶᠢᠴᠡᠳᠡᠭ ᠵᠠᠩᠰᠢᠯ ᠲᠠᠢ᠃ ᠵᠠᠷᠢᠮ ᠬᠦᠮᠦᠨ ︽ᠱᠠᠯᠪᠤᠷ ᠬᠡᠳᠡᠭ | ᠨᠢ ᠰᠢᠮᠳᠠᠭᠠᠢ ᠬᠡᠬᠦ ᠦᠬᠡ ᠠᠴᠠ ᠤᠯᠠᠷᠢᠨ ᠢᠷᠡᠵᠡᠢ︾ ᠬᠡᠵᠤ ᠦᠵᠡᠵᠤ ᠪᠤᠢ᠂ ᠵᠠᠷᠢᠮ ᠨᠢ ︽ᠱᠠᠯᠠᠪ ᠪᠤᠯᠤᠨ ᠪᠤᠤᠷ᠎ᠠ | ᠬᠡᠬᠦ ᠬᠤᠶᠠᠷ ᠦᠬᠡ ᠶᠢ ᠨᠡᠶᠢᠯᠡᠬᠦᠯᠵᠤ ᠬᠡᠯᠡᠭᠰᠡᠭᠡᠷ ᠪᠠᠶᠢᠭᠠᠳ ᠠᠪᠢᠶᠠᠨ ᠤ ᠤᠨᠳᠤᠤᠰᠢᠯ ᠠᠴᠠ ᠪᠤᠯᠵᠤ ᠱᠠᠯᠪᠤᠷᠠ ︵ | ᠱᠠᠯᠪᠤᠤᠷᠠ︶ ᠪᠤᠯᠤᠭᠰᠠᠨ︾ ᠬᠡᠳᠡᠭ᠃ | | ᠠᠷᠠᠳ ᠤᠨ ᠤᠯᠠᠮᠵᠢᠯᠠᠯ ᠶᠠᠷᠢᠶᠠᠨ ᠳᠤ ︽ᠱᠠᠯᠪᠤᠷ ᠪᠦᠬᠡ ᠶᠢ ᠪᠤᠤᠷ᠎ᠠ ᠶᠢᠨ ᠲᠡᠮᠡᠴᠡᠬᠡᠨ ᠠᠴᠠ ᠰᠡᠳᠦᠪᠯᠡᠵᠤ | ᠵᠤᠬᠢᠶᠠᠭᠰᠠᠨ︾ ᠬᠡᠳᠡᠭ᠃ ᠬᠠᠭᠰᠠᠭᠰᠠᠨ ︵ᠤᠷᠤᠭ᠎ᠠ ᠤᠷᠤᠭᠰᠠᠨ︶ ᠪᠤᠤᠷ᠎ᠠ ᠭᠠᠭᠴᠠᠭᠠᠷ ᠡᠵᠡᠷᠬᠡᠬᠦ ᠬᠠᠮᠪᠠ ᠰᠠᠨᠠᠭ᠎ᠠ | ᠪᠠ ᠠᠲᠠᠭ᠎ᠠ ᠵᠢᠲᠤᠬᠡᠨ ᠠᠴᠠ ᠪᠤᠯᠵᠤ ᠰᠤᠭᠲᠤᠭᠤ ᠰᠤᠷᠲᠤᠭᠤ ᠨᠢ ᠬᠡᠲᠤᠶᠢᠳᠬᠦ ᠳᠤ ᠪᠠᠨ ᠬᠤᠶᠠᠷ ᠪᠤᠤᠷ᠎ᠠ ᠤᠮᠤᠭ | ᠲᠠᠢ ᠬᠡᠭᠴᠢ ᠪᠠᠷ ᠠᠭᠤᠯᠵᠠᠵᠤ ᠬᠦᠬᠡᠰᠦ ᠪᠤᠷᠬᠢᠭᠤᠯᠤᠨ ᠰᠢᠲᠤ ᠪᠠᠨ ᠬᠠᠪᠢᠷᠴᠤ ᠡᠰᠡᠷᠭᠦᠯᠡᠨ ᠤᠴᠤᠶᠢᠵᠤ ᠵᠤᠭᠰᠤᠨ | ᠰᠢᠬᠡᠰᠦ ᠪᠠᠨ ᠴᠠᠪᠲᠠᠨ ᠱᠠᠪᠢᠵᠤ ᠨᠢᠬᠡᠨ ᠨᠢᠬᠡᠨ ᠤ ᠪᠠᠨ ᠡᠮᠵᠡᠭ ᠲᠠᠯ᠎ᠠ ᠶᠢ ᠬᠠᠵᠠᠬᠤ ᠪᠠᠷ ᠰᠦᠷᠲᠡᠬᠦᠯᠦᠨ ᠬᠡᠨᠡᠳᠲᠡ | ᠶᠢᠨ ᠲᠠᠭᠠᠷᠢᠯᠲᠠ ᠪᠠᠷ ᠴᠡᠬᠡᠵᠢ ᠲᠦᠷᠢᠨ ᠨᠦᠷᠢᠵᠤ ᠤᠶᠢᠴᠢᠭᠤᠯᠲᠠᠭ᠃ ᠲᠡᠭᠡᠭᠡᠳ ᠵᠤᠵᠠᠭᠠᠨ ᠭᠤᠶ᠎ᠠ᠂ ᠪᠤᠷᠪᠢ᠂ | ᠡᠪᠦᠲᠦᠭ ᠠᠴᠠ ᠨᠢ ᠵᠠᠭᠤᠵᠤ ᠰᠢᠷᠬᠠᠳᠤᠭᠤᠯᠤᠨ ᠬᠦᠴᠦ ᠶᠢ ᠨᠢ ᠪᠠᠭᠤᠷᠠᠭᠤᠯᠬᠤ ᠪᠠᠷ ᠨᠤᠴᠤᠯᠲᠤᠲᠠᠭ᠃ ᠡᠬᠦᠨ ᠠᠴᠠ | ᠰᠡᠳᠦᠪᠯᠡᠵᠤ ᠵᠤᠬᠢᠶᠠᠭᠰᠠᠨ ᠱᠠᠯᠪᠤᠷ ᠪᠦᠬᠡ ᠨᠢ ᠰᠢᠯᠢᠲᠡᠬᠦ᠂ ᠨᠦᠷᠢᠬᠦ᠂ ᠴᠠᠪᠴᠢᠬᠤ᠂ ᠡᠬᠦᠷᠬᠦ ᠮᠡᠲᠤ ᠶᠢᠨ ᠤᠷᠠᠨ | ᠭᠠᠪᠰᠢᠭᠠᠢ ᠡᠷᠲᠡᠮ ᠢ ᠰᠢᠩᠬᠡᠬᠡᠭᠡᠳ ︽ᠲᠡᠮᠡᠭᠡᠲᠤ ᠨᠤᠲᠤᠭ︾ ᠤᠨ ᠠᠷᠠᠳ ᠲᠦᠮᠡᠨ ᠤ ᠲᠤᠷ᠎ᠠ ᠪᠠᠬ᠎ᠠ ᠶᠢ | ᠲᠠᠲᠠᠭᠰᠠᠭᠠᠷ ᠢᠷᠡᠵᠡᠢ᠃ | | ᠰᠤᠲᠤᠯᠤᠭᠴᠢᠳ ︽ᠱᠠᠯᠪᠤᠷ ᠪᠦᠬᠡ︾ ᠨᠢ ︽ᠴᠤᠯᠪᠤᠭᠤᠷ ᠪᠦᠬᠡ︾ ᠠᠴᠠ ᠢᠷᠡᠯᠲᠡ ᠲᠠᠢ ᠬᠡᠵᠤ ᠦᠵᠡᠳᠡᠭ᠃ | ᠤᠷᠢᠲᠤ ᠴᠠᠭ ᠲᠤ ᠬᠤᠶᠠᠷ ᠬᠦᠮᠦᠨ ᠬᠦᠲᠡᠭᠡ ᠬᠡᠬᠡᠷ᠎ᠡ ᠤᠴᠠᠷᠠᠪᠠᠯ ᠮᠤᠷᠢ ᠪᠠᠨ ᠴᠢᠲᠤᠷᠯᠡᠵᠤ ᠴᠤᠯᠪᠤᠭᠤᠷ ᠢᠶᠠᠨ | ᠠᠪᠤᠭᠠᠳ ᠪᠦᠰᠡᠯᠡᠬᠦ ᠪᠤᠶᠤ ᠪᠦᠲᠦᠬᠦᠨ ᠭᠤᠶ᠎ᠠ ᠶᠢᠨ ᠬᠡᠰᠡᠭ ᠢᠶᠠᠷ ᠢᠶᠠᠨ ᠤᠶᠠᠴᠢᠬᠠᠭᠠᠳ ᠪᠠᠷᠢᠯᠲᠤᠵᠤ ᠲᠡᠩᠬᠡᠬᠡ | ᠴᠢᠲᠠᠯ ᠢᠶᠠᠨ ᠰᠢᠯᠭᠠᠵᠤ ᠰᠡᠳᠬᠢᠯ ᠤᠨ ᠵᠤᠭ᠎ᠠ ᠪᠠᠨ ᠭᠠᠷᠭᠠᠲᠠᠭ ᠪᠠᠶᠢᠵᠡᠢ᠃ ᠡᠬᠦᠨ ᠢᠶᠠᠨ ︽ᠴᠤᠯᠪᠤᠭᠤᠷ ᠪᠦᠬᠡ︾ | ᠬᠡᠳᠡᠭ᠃ ᠴᠤᠯᠪᠤᠭᠤᠷ ᠨᠢ ᠭᠤᠶ᠎ᠠ ᠬᠤᠯᠭᠤᠬᠤ ᠤᠴᠢᠷ ᠠᠴᠠ ᠠᠭᠠᠵᠢᠮ ᠳᠤ ᠪᠠᠨ ᠴᠤᠯᠪᠤᠭᠤᠷ ᠤᠨ ᠤᠷᠤᠨ ᠳᠤ | ᠠᠷᠠᠰᠤ ᠪᠠᠷ ᠬᠢᠭᠰᠡᠨ ᠤᠬᠤᠷ ᠱᠠᠯᠪᠤᠷ ᠦᠮᠦᠲᠦ ᠡᠮᠦᠰᠦᠬᠡᠳ ᠪᠠᠷᠢᠯᠲᠤᠬᠤ ᠪᠤᠯᠪᠠ᠃ ᠱᠠᠯᠪᠤᠷ ᠦᠮᠦᠲᠦ ᠡᠮᠦᠰᠦᠭᠡᠳ | ᠪᠠᠷᠢᠯᠲᠤᠲᠠᠭ ᠲᠤᠯᠠ ︽ᠱᠠᠯᠪᠤᠷ ᠪᠦᠬᠡ︾ ᠬᠡᠬᠦ ᠪᠤᠯᠵᠡᠢ᠃ ᠲᠡᠶᠢᠮᠤ ᠠᠴᠠ ᠱᠠᠯᠪᠤᠷ ᠭᠡᠲᠡᠭ ᠪᠤᠯ ᠤᠬᠤᠷ ᠦᠮᠦᠳᠤ | ᠭᠡᠰᠡᠨ ᠤᠳᠬ᠎ᠠ ᠲᠠᠢ᠂ ᠤᠲᠤ ᠴᠤ ᠭᠡᠰᠡᠨ ᠬᠡᠷᠡᠭᠯᠡᠵᠤ ᠪᠠᠶᠢᠭ᠎ᠠ ᠤᠶᠢᠭᠤᠷᠵᠢᠨ ᠮᠤᠩᠭᠤᠯ ᠦᠬᠡ ᠪᠤᠯᠤᠨ᠎ᠠ᠃ |