ᠴᠢᠩᠬᠢᠰ ᠬᠠᠭᠠᠨ ︵1162 — 1227︶ | | ᠶᠡᠭᠡ ᠮᠤᠩᠭᠤᠯ ᠤᠯᠤᠰ ᠤᠨ ᠲᠤᠯᠭᠤᠷ ᠲᠦᠷᠦ ᠶᠢ ᠨᠡᠭᠡᠭᠡᠭᠰᠡᠨ ᠶᠡᠭᠡ ᠬᠠᠭᠠᠨ᠂ ᠮᠤᠩᠭᠤᠯ ᠦᠨᠳᠦᠰᠦᠲᠡᠨ᠂ | ᠳᠡᠯᠡᠭᠡᠢ ᠳᠤ ᠠᠯᠳᠠᠷ ᠲᠠᠢ ᠠᠭᠤᠤ ᠶᠡᠭᠡ ᠤᠯᠤᠰ ᠲᠦᠷᠦᠴᠢ᠂ ᠪᠤᠲᠤᠯᠭᠠᠲᠡᠨ᠂ ᠬᠠᠤᠯᠢ ᠵᠠᠰᠠᠭᠴᠢ᠂ ᠠᠭᠤᠤ ᠶᠡᠭᠡ | ᠴᠡᠷᠢᠭ ᠤᠨ ᠤᠬᠠᠭᠠᠨᠲᠡᠨ᠂ ᠠᠭᠤᠤ ᠶᠡᠭᠡ ᠴᠡᠷᠢᠭ ᠳᠠᠶᠢᠨᠴᠢ᠂ ᠰᠤᠷᠭᠠᠯ ᠰᠢᠯᠦᠭᠴᠢ᠃ ᠮᠤᠩᠭᠤᠯ ᠠᠶᠢᠮᠠᠭ ᠤᠨ | ᠬᠢᠶᠠᠨ ᠶᠠᠰᠤᠲᠤ ᠪᠤᠷᠵᠢᠬᠢᠨ ᠤᠪᠤᠭᠲᠡᠨ᠂ ᠴᠡᠭᠡᠷᠯᠡᠭᠦᠢ ᠨᠡᠷ᠎ᠡ ᠨᠢ ᠲᠡᠮᠦᠵᠢᠨ᠂ ᠡᠷᠭᠦᠮᠵᠢ ᠠᠯᠳᠠᠷ ᠨᠢ ᠴᠢᠩᠬᠢᠰ | ᠬᠠᠭᠠᠨ᠂ ᠨᠡᠭᠡᠮᠵᠢ ᠠᠯᠳᠠᠷ ᠨᠢ ᠪᠤᠭᠲᠠ ᠪᠠᠭᠠᠲᠤᠷ ᠬᠠᠭᠠᠨ᠂ ᠨᠡᠮᠡᠷᠢ ᠨᠡᠭᠡᠮᠵᠢ ᠠᠯᠳᠠᠷ ᠨᠢ ᠲᠩᠷᠢ ᠶᠢᠨ ᠪᠤᠱᠤᠭ ᠢᠶᠠᠷ | ᠤᠯᠠᠷᠢᠯ ᠢ ᠨᠡᠭᠡᠭᠡᠭᠰᠡᠨ ᠪᠤᠭᠲᠡ ᠪᠠᠭᠠᠲᠤᠷ ᠬᠠᠭᠠᠨ᠂ ᠰᠦᠮ᠎ᠡ ᠶᠢᠨ ᠠᠯᠳᠠᠷ ᠨᠢ ᠲᠤᠯᠭᠤᠷ ᠤᠷᠢᠳᠦᠰ᠃ 1162 | ᠤᠨ ᠤ 5 ᠰᠠᠷ᠎ᠠ ᠶᠢᠨ 31 ᠤ ᠡᠳᠦᠷ ᠤᠨᠤᠨ ᠮᠦᠷᠡᠨ ᠤ ᠳᠡᠭᠡᠲᠤ ᠤᠷᠤᠰᠬᠠᠯ ᠤᠨ ᠪᠠᠷᠠᠭᠤᠨ ᠬᠦᠪᠡᠭᠡ ᠳᠠᠬᠢ | ᠳᠡᠯᠢᠭᠦᠨ ᠪᠤᠯᠲᠤᠭ ᠭᠡᠳᠡᠭ ᠭᠠᠵᠠᠷ ᠲᠤ ᠬᠠᠲᠠᠨ ᠤᠷᠢᠳᠤᠰ ᠲᠩᠷᠢᠯᠢᠭ ᠢᠵᠠᠭᠤᠷᠲᠤ ᠬᠠᠭᠠᠨ ᠶᠢᠰᠦᠭᠡᠢ ᠪᠠᠭᠠᠲᠤᠷ | ᠡᠴᠢᠭᠡ ᠪᠤᠯᠤᠨ ᠡᠭᠡ ᠦᠭᠡᠯᠦᠨ ᠦᠵᠢᠨ ᠤ ᠤᠤᠭᠠᠨ ᠬᠦᠪᠡᠭᠦᠨ ᠨᠢ ᠪᠤᠯᠵᠤ ᠵᠠᠶᠠᠭᠠᠵᠠᠢ᠃ 1189 ᠤᠨ ᠳᠤ | ᠬᠠᠮᠤᠭ ᠮᠤᠩᠭᠤᠯ ᠢ ᠨᠢᠭᠡᠳᠭᠡᠵᠤ ᠬᠠᠨ ᠰᠢᠷᠡᠭᠡᠨ ᠳᠤ ᠰᠠᠭᠠᠲᠠᠵᠤ ︽ᠴᠢᠩᠬᠢᠰ︾ ᠬᠡᠮᠡᠨ ᠡᠷᠭᠦᠮᠵᠢᠯᠡᠭᠳᠡᠵᠡᠢ᠃ | 1185 ᠤᠨ ᠠᠴᠠ ᠠᠪᠤᠭᠠᠳ ᠲᠡᠮᠦᠵᠢᠨ ᠶᠡᠭᠡ ᠪᠠᠭ᠎ᠠ ᠭᠤᠴᠢᠨ ᠬᠤᠶᠠᠷ ᠤᠳᠠᠭᠠᠨ ᠤ ᠳᠠᠶᠢᠨ ᠪᠠᠶᠢᠯᠳᠤᠭᠠᠨ ᠢ | ᠦᠩᠭᠡᠷᠡᠭᠦᠯᠵᠤ ᠲᠤᠮᠤ ᠵᠢᠵᠢᠭ ᠨᠠᠶᠠᠨ ᠨᠠᠢᠮᠠᠨ ᠠᠶᠢᠮᠠᠭ ᠢ ᠨᠢᠭᠡᠳᠭᠡᠨ᠂ ᠨᠤᠲᠤᠭ ᠳᠡᠪᠢᠰᠭᠡᠷ ᠢᠶᠠᠨ ᠵᠡᠭᠦᠨᠰᠢ ᠬᠢᠩᠭᠠᠨ | ᠳᠠᠪᠠᠭ᠎ᠠ᠂ ᠪᠠᠷᠠᠭᠤᠨᠰᠢ ᠠᠯᠲᠠᠢ ᠠᠭᠤᠯᠡ᠂ ᠤᠮᠠᠷᠠᠰᠢ ᠪᠠᠶᠢᠭᠠᠯᠢ ᠨᠠᠭᠤᠷ᠂ ᠡᠮᠦᠨᠠᠰᠢ ᠤᠩᠭᠤᠨ ᠳᠠᠪᠠᠭ᠎ᠠ ᠲᠤᠯᠭᠠᠨ᠂ | 1206 ᠤᠨ ᠤ ᠬᠠᠪᠤᠷ ᠤᠨᠤᠨ ᠮᠦᠷᠡᠨ ᠤ ᠡᠬᠢᠨ ᠳᠤ ᠶᠢᠰᠦᠨ ᠬᠦᠭᠦᠯᠲᠤ ᠴᠠᠭᠠᠨ ᠲᠤᠭ ᠪᠤᠰᠬᠠᠨ ᠶᠡᠭᠡ | ᠬᠤᠷᠠᠯᠲᠡᠢ ᠬᠤᠷᠠᠵᠤ ᠬᠠᠭᠠᠨ ᠰᠠᠭᠤᠷᠢᠨ ᠳᠤ ᠰᠠᠭᠠᠲᠠᠵᠤ ᠶᠡᠭᠡ ᠮᠤᠩᠭᠤᠯ ᠤᠯᠤᠰ ᠢ ᠪᠠᠶᠢᠭᠤᠯᠤᠨ᠂ ᠦᠨᠳᠦᠷ ᠬᠠᠨ | ᠤ ᠪᠠᠷᠠᠭᠤᠨ ᠡᠮᠦᠨᠠᠲᠡᠢ ᠶᠡᠭᠡ ᠤᠷᠳᠤ ᠪᠠᠶᠢᠭᠤᠯᠤᠨ ᠨᠡᠶᠢᠰᠯᠡᠵᠤ ︽ᠶᠡᠭᠡ ᠵᠠᠰᠠᠭ︾ ᠢ ᠨᠡᠶᠢᠲᠡᠯᠡᠵᠤ ᠤᠶᠢᠭᠤᠷᠵᠢᠨ | ᠮᠤᠩᠭᠤᠯ ᠦᠰᠦᠭ ᠢ ᠲᠦᠷᠦ ᠶᠢᠨ ᠦᠰᠦᠭ ᠪᠤᠯᠭᠠᠨ ᠬᠠᠭᠠᠨ ᠤ ᠬᠡᠦᠭᠡᠳ ᠳᠡᠭᠦᠦ ᠨᠠᠷ᠂ ᠨᠤᠶᠠᠳ ᠢᠵᠠᠭᠤᠷᠲᠡᠳ | ᠤᠨ ᠦᠷ᠎ᠡ ᠠᠴᠢ ᠨᠠᠷ ᠲᠤ ᠰᠤᠷᠭᠠᠵᠠᠢ᠃ ᠡᠭᠦᠨ ᠤ ᠳᠠᠷᠠᠭ᠎ᠠ ᠪᠠᠷ ᠴᠢᠩᠬᠢᠰ ᠬᠠᠭᠠᠨ ᠤᠯᠠᠨ ᠤᠳᠠᠭ᠎ᠠ ᠭᠠᠳᠠᠭᠰᠢ | ᠳᠠᠶᠢᠯᠠᠨ ᠳᠠᠭᠠᠭᠤᠯᠵᠤ᠂ ᠬᠤᠯᠢ᠂ ᠠᠯᠲᠡᠨ᠂ ᠬᠤᠷᠧᠽᠮ ᠵᠡᠷᠭᠡ ᠳᠦᠴᠢ ᠭᠠᠷᠤᠢ ᠤᠯᠤᠰ ᠢ ᠮᠦᠬᠦᠭᠡᠨ ᠬᠦᠮᠦᠨ | ᠲᠦᠷᠦᠯᠬᠢᠲᠡᠨ ᠤ ᠲᠡᠦᠭᠡᠨ ᠳᠡᠭᠡᠷ᠎ᠡ ᠤᠷᠢᠳ ᠭᠠᠷᠤᠭ᠎ᠠ ᠦᠭᠡᠢ ᠠᠽᠢᠶ᠎ᠡ ᠡᠸᠦ᠋ᠷᠦᠫᠠ ᠲᠢᠪ ᠢ ᠰᠤᠨᠳᠠᠯᠠᠭᠰᠡᠨ ᠲᠤᠮᠤ | ᠨᠤᠲᠤᠭ ᠳᠡᠪᠢᠰᠭᠡᠷ ᠢ ᠡᠷᠭᠡᠰᠢᠶᠠᠵᠤ᠂ ᠬᠤᠶᠢᠴᠢᠰ ᠤᠨ ᠢᠶᠠᠨ ᠳᠡᠯᠡᠭᠡᠢ ᠶᠢᠨ ᠲᠡᠦᠭᠡᠨ ᠳᠡᠭᠡᠷ᠎ᠡ ᠤᠷᠢᠳ ᠬᠤᠵᠢᠳ | ᠭᠠᠷᠤᠭ᠎ᠠ ᠦᠭᠡᠢ ᠲᠤᠮᠤ ᠤᠯᠤᠰ ᠢ ᠪᠠᠶᠢᠭᠤᠯᠬᠤ ᠳᠤ ᠰᠠᠭᠤᠷᠢ ᠲᠠᠯᠪᠢᠵᠠᠢ᠃ 1227 ᠤᠨ ᠤ 8 ᠰᠠᠷ᠎ᠠ ᠶᠢᠨ 25 | ᠤ ᠡᠳᠦᠷ ᠯᠢᠦ ᠫᠠᠨ ᠠᠭᠤᠯᠡ ᠶᠢᠨ ᠬᠠᠪᠢ ᠳᠠᠬᠢ ᠴᠢᠩ ᠱᠦᠢ ᠰᠢᠶᠠᠨ ᠤ ᠤᠶᠢᠷᠠᠯᠴᠠᠭᠠᠬᠢ ᠰᠠᠭᠠᠷᠢ ᠭᠡᠭᠡᠷ᠎ᠡ ᠶᠢᠨ | ᠬᠠᠯᠠᠭᠤᠲᠤ ᠳᠠᠬᠢ ᠨᠡᠭᠦᠳᠡᠯ ᠤᠷᠳᠤᠨ ᠳᠤ ᠪᠠᠨ ᠪᠡᠶ᠎ᠡ ᠴᠢᠯᠡᠭᠡᠷᠭᠡᠵᠤ ᠲᠩᠷᠢ ᠪᠤᠯᠪᠠ᠃ ᠬᠠᠰ ᠢᠵᠠᠭᠤᠷ ᠢ ᠨᠢ | ᠬᠦᠷᠦᠯᠬᠦ ᠬᠡᠮᠡᠬᠦ ᠭᠠᠵᠠᠷ ᠤᠷᠤᠰᠢᠭᠤᠯᠵᠠᠢ᠃ ᠴᠢᠩᠬᠢᠰ ᠬᠠᠭᠠᠨ ᠡᠰᠢ ᠬᠠᠲᠤᠨ ᠪᠦᠷᠲᠡ ᠦᠵᠢᠨ ᠯᠤᠭ᠎ᠠ ᠵᠦᠴᠢ᠂ | ᠴᠠᠭᠠᠲᠠᠢ᠂ ᠦᠭᠡᠲᠠᠢ᠂ ᠲᠤᠯᠤᠢ ᠳᠦᠷᠪᠡᠨ ᠬᠦᠪᠡᠭᠦᠨ ᠲᠠᠢ᠃ ᠴᠢᠩᠬᠢᠰ ᠬᠠᠭᠠᠨ ᠤ ᠳᠠᠷᠠᠭ᠎ᠠ ᠤᠳᠬᠤᠨ ᠬᠦᠪᠡᠭᠦᠨ | ᠲᠤᠯᠤᠢ ᠨᠢ ᠲᠦᠷᠦ ᠶᠢᠨ ᠶᠠᠪᠤᠳᠠᠯ ᠢ ᠤᠷᠤᠯᠠᠨ ᠵᠠᠬᠢᠷᠪᠠ᠂ ᠲᠤᠯᠤᠢ 1193 ᠤᠨ ᠳᠤ ᠴᠢᠩᠬᠢᠰ ᠬᠠᠭᠠᠨ ᠪᠤᠯᠤᠨ | ᠪᠦᠷᠳᠡ ᠦᠵᠢᠨ ᠤ ᠤᠳᠬᠤᠨ ᠬᠦᠪᠡᠭᠦᠨ ᠨᠢ ᠪᠤᠯᠵᠤ ᠵᠠᠶᠠᠭᠠᠵᠠᠢ᠂ ᠲᠤᠯᠤᠢ ᠶᠢᠨ ᠴᠡᠭᠡᠷᠯᠡᠭᠦᠢ ᠨᠡᠷ᠎ᠡ ᠨᠢ ᠲᠤᠯᠤᠢ᠂ | ᠡᠷᠭᠦᠮᠵᠢ ᠠᠯᠳᠠᠷ ᠨᠢ ᠲᠦᠷᠦ ᠵᠠᠬᠢᠷᠤᠭᠴᠢ᠂ ᠴᠡᠭᠡᠷᠯᠡᠭᠰᠡᠨ ᠨᠡᠷ᠎ᠡ ᠨᠢ ᠶᠡᠭᠡ ᠨᠤᠶᠠᠨ᠂ ᠨᠡᠭᠡᠮᠵᠢ ᠠᠯᠳᠠᠷ ᠨᠢ ᠡᠷᠡᠯᠭᠡᠭ | ᠪᠠᠭᠠᠲᠤᠷ ᠬᠠᠭᠠᠨ᠂ ᠦᠭᠡᠷᠡᠴᠢᠯᠡᠭᠰᠡᠨ ᠨᠡᠭᠡᠮᠵᠢ ᠠᠯᠳᠠᠷ ᠨᠢ ᠰᠡᠭᠦᠳᠡᠷ ᠲᠤᠰᠠᠲᠤ ᠬᠠᠭᠠᠨ᠂ ᠨᠡᠮᠡᠷᠢ ᠨᠡᠭᠡᠮᠵᠢ ᠠᠯᠳᠠᠷ | ᠨᠢ ᠡᠨᠡᠷᠢᠯᠲᠤ ᠪᠤᠭᠲᠡ ᠰᠡᠭᠦᠳᠡᠷ ᠲᠤᠰᠠᠲᠤ ᠬᠠᠭᠠᠨ᠂ ᠰᠦᠮ᠎ᠡ ᠶᠢᠨ ᠠᠯᠳᠠᠷ ᠨᠢ ᠰᠤᠲᠤ ᠬᠠᠭᠠᠨ᠂ 1227 ᠤᠨ | ᠳᠤ ᠴᠢᠩᠬᠢᠰ ᠬᠠᠭᠠᠨ ᠤ ᠬᠡᠷᠢᠶᠠᠰ ᠢᠶᠠᠷ ᠰᠦᠩ ᠤᠯᠤᠰ ᠲᠠᠢ ᠬᠤᠯᠪᠤᠭᠠᠯᠠᠵᠤ ᠲᠠᠩᠭᠤᠳ ᠢ ᠮᠦᠭᠦᠭᠡᠪᠡ᠃ ᠡᠩᠭᠧᠯᠰ | ᠄ ︽ᠴᠢᠩᠬᠢᠰ ᠬᠠᠭᠠᠨ ᠤ ᠢᠯᠠᠭᠤᠭᠰᠡᠨ ᠵᠠᠩᠵᠤᠨ ᠭᠡᠭᠳᠡᠳᠡᠭ ᠤᠨ ᠨᠠᠷᠢᠨ ᠨᠢᠭᠤᠴᠡ ᠨᠢ ᠲᠡᠭᠦᠨ ᠤ ᠠᠷᠠᠳᠴᠢᠯᠡᠯ | ᠲᠦᠪᠯᠡᠷᠡᠭᠦᠯᠦᠯ ᠢ ᠴᠢᠳᠠᠮᠠᠭᠠᠢ ᠬᠡᠷᠡᠭᠯᠡᠵᠤ ᠴᠢᠳᠠᠭᠰᠡᠨ ᠳᠤ ᠪᠠᠶᠢᠨ᠎ᠠ︾ ᠭᠡᠵᠤ᠂ ᠨᠠᠫᠤᠯᠢᠶᠤᠨ᠄ ︽ᠪᠢ ᠴᠢᠩᠬᠢᠰ | ᠬᠠᠭᠠᠨ ᠢ ᠡᠰᠡ ᠬᠦᠷᠦᠨ᠎ᠠ︾ ᠭᠡᠵᠤ᠂ ᠮᠠᠤ ᠽᠧ ᠳ᠋ᠦᠩ ︽ᠴᠢᠨ ᠶᠤᠸᠠᠨ ᠴᠦᠨ · ᠴᠠᠰᠤ︾ ᠭᠡᠬᠦ ᠳᠠᠭᠤᠯᠠᠯ ᠳᠤ | ᠪᠠᠨ ᠴᠢᠩᠬᠢᠰ ᠬᠠᠭᠠᠨ ᠢ ᠬᠠᠨ ᠦᠳᠢ᠂ ᠲᠠᠩ ᠲᠠᠶᠢᠽᠦ᠋ᠩ᠂ ᠰᠦᠩ ᠲᠠᠶᠢᠽᠤ ᠲᠠᠢ ᠵᠡᠷᠭᠡᠴᠡᠭᠦᠯᠦᠨ ᠰᠢᠯᠦᠭᠯᠡᠵᠤ ︽ | ᠨᠢᠭᠡᠨ ᠦᠶ᠎ᠡ ᠶᠢᠨ ᠲᠩᠷᠢᠯᠢᠭ ᠪᠤᠭᠲᠡ︾ ᠭᠡᠵᠤ᠂ ᠦᠷᠦᠨᠠᠳᠠᠬᠢᠨ ᠤ ᠡᠷᠳᠡᠮᠲᠡᠳ ᠲᠡᠭᠦᠨ ᠢ ︽ᠪᠦᠬᠦ ᠬᠦᠮᠦᠨ | ᠲᠦᠷᠦᠯᠬᠢᠲᠡᠨ ᠤ ᠬᠠᠭᠠᠨᠲᠡᠨ︾᠂ ︽ᠦᠨᠦ ᠶᠢᠨ ᠶᠢᠷᠲᠢᠨᠴᠤ ᠶᠢᠨ ᠦᠨᠳᠦᠰᠦᠯᠡᠭᠴᠢ︾ ᠭᠡᠵᠤ᠂ ᠠᠮᠧᠷᠢᠺᠠᠴᠤᠳ | ᠲᠡᠭᠦᠨ ᠢ ︽ᠮᠢᠩᠭᠠᠨ ᠵᠢᠯ ᠤᠨ ᠮᠠᠩᠯᠠᠢ ᠰᠤᠤᠲᠡᠨ︾ ᠭᠡᠵᠡᠭᠡᠳᠡᠭ᠃ ᠤᠳᠤ ᠳᠡᠯᠡᠭᠡᠢ ᠳᠡᠭᠡᠷᠡᠬᠢ 60 ᠭᠠᠷᠤᠢ | ᠤᠯᠤᠰ ᠤᠷᠤᠨ ᠲᠤᠰᠬᠠᠶᠢᠯᠠᠨ ᠡᠷᠳᠡᠮᠲᠡᠨ ᠵᠣᠬᠢᠶᠠᠨ ᠪᠠᠶᠢᠭᠤᠯᠵᠤ ᠴᠢᠩᠬᠢᠰ ᠬᠠᠭᠠᠨ ᠤ ᠲᠤᠬᠠᠢ ᠲᠤᠰᠬᠠᠢ ᠰᠡᠳᠦᠪ | ᠢᠶᠠᠷ ᠰᠤᠳᠤᠯᠵᠠᠭᠠᠵᠤ ᠪᠠᠶᠢᠨ᠎ᠠ᠃ | ᠴᠢᠩᠬᠢᠰ ᠬᠠᠭᠠᠨ ᠤ ᠭᠠᠪᠢᠶ᠎ᠡ ᠵᠢᠳᠭᠦᠯ᠄ | ⒈ ᠮᠤᠩᠭᠤᠯ ᠠᠶᠢᠮᠠᠭ ᠢ ᠨᠢᠭᠡᠳᠭᠡᠨ ᠮᠤᠩᠭᠤᠯ ᠤᠯᠤᠰ ᠢ ᠪᠠᠶᠢᠭᠤᠯᠵᠤ ᠤᠯᠤᠰ ᠢᠶᠠᠨ ᠬᠠᠤᠯᠢ ᠪᠠᠷ ᠵᠠᠰᠠᠵᠤ | ᠮᠤᠩᠭᠤᠯ ᠦᠨᠳᠦᠰᠦᠲᠡᠨ ᠤ ᠪᠦᠷᠢᠯᠳᠦᠯ ᠬᠦᠭᠵᠢᠯ ᠢ ᠠᠬᠢᠭᠤᠯᠵᠠᠢ᠃ | ⒉ ᠬᠦᠮᠦᠨ ᠲᠦᠷᠦᠯᠬᠢᠲᠡᠨ ᠤ ᠲᠡᠦᠭᠡᠨ ᠳᠡᠭᠡᠷᠡᠬᠢ ᠬᠠᠮᠤᠭ ᠤᠨ ᠶᠡᠭᠡ ᠬᠡᠪᠴᠢᠶ᠎ᠡ ᠲᠠᠢ ᠳᠠᠯᠡᠭᠡᠢ ᠶᠢᠨ ᠳᠠᠶᠢᠨ ᠢ | ᠶᠠᠪᠤᠭᠳᠠᠭᠤᠯᠵᠤ ᠠᠩᠬ᠎ᠠ ᠤᠳᠠᠭ᠎ᠠ ᠠᠽᠢᠶ᠎ᠡ ᠡᠸᠦ᠋ᠷᠦᠫᠠ ᠶᠢ ᠰᠤᠨᠳᠠᠯᠠᠭᠰᠡᠨ ᠳᠡᠯᠡᠭᠡᠢ ᠶᠢᠨ ᠲᠡᠦᠭᠡᠨ ᠳᠡᠭᠡᠷᠡᠬᠢ | ᠬᠠᠮᠤᠭ ᠤᠨ ᠲᠤᠮᠤ ᠤᠯᠤᠰ ᠢ ᠪᠠᠶᠢᠭᠤᠯᠵᠤ ᠲᠤᠷᠤᠨ᠎ᠠ ᠦᠷᠦᠨ᠎ᠠ ᠬᠤᠶᠠᠷ ᠲᠢᠪ ᠢ ᠬᠤᠯᠪᠤᠨ ︽ᠪᠦᠬᠦ ᠪᠦᠮᠪᠤᠷᠴᠡᠭ︾ | ᠤᠨ ᠤᠶᠢᠯᠠᠭᠠᠭᠳᠠᠬᠤᠨ ᠢ ᠨᠡᠭᠡᠭᠡᠵᠤ ᠳᠠᠯᠡᠬᠡᠢ ᠶᠢ ᠠᠩᠬ᠎ᠠ ᠤᠳᠠᠭ᠎ᠠ ︽ᠳᠠᠶᠠᠭᠠᠷᠴᠢᠯᠠᠵᠤ︾᠂ ᠬᠤᠶᠢᠰᠢᠲᠡ ᠶᠢᠨ | ᠳᠡᠯᠡᠭᠡᠢ ᠶᠢᠨ ᠬᠦᠭᠵᠢᠯᠲᠡ ᠳᠤ ᠢᠳᠡᠪᠬᠢᠲᠡᠢ ᠨᠦᠯᠦᠭᠡ ᠦᠵᠡᠭᠦᠯᠵᠤ ᠤᠳᠤᠬᠢ ᠳᠡᠯᠡᠭᠡᠢ ᠶᠢᠨ ᠡᠮᠬᠢ ᠲᠢᠭᠯᠢᠮ ᠪᠠ | ᠬᠦᠭᠵᠢᠯᠲᠡ ᠳᠤ ᠰᠠᠭᠤᠷᠢ ᠲᠠᠯᠪᠢᠭᠰᠡᠨ ᠪᠠᠶᠢᠨ᠎ᠠ᠃ | ⒊ ᠳᠡᠯᠡᠭᠡᠢ ᠳᠡᠭᠡᠷ᠎ᠡ ᠠᠩᠬ᠎ᠠ ᠤᠳᠠᠭ᠎ᠠ ᠴᠡᠷᠢᠭ ᠤᠨ ᠶᠠᠪᠤᠳᠠᠯ ᠤᠨ ᠵᠦᠪᠯᠡᠭᠴᠢ ᠶᠢᠨ ᠬᠡᠯᠲᠡᠰ ᠢ ᠪᠠᠶᠢᠭᠤᠯᠵᠤ᠂ | ᠲᠠᠩᠨᠠᠭᠤᠯ ᠤᠨ ᠵᠣᠬᠢᠶᠠᠨ ᠪᠠᠶᠢᠭᠤᠯᠤᠯᠲᠡ ᠶᠢ ᠳᠡᠯᠡᠭᠡᠢ ᠶᠢᠨ ᠬᠡᠪᠴᠢᠶᠠᠨ ᠳᠤ ᠤᠷᠤᠭᠰᠢᠯᠠᠭᠤᠯᠵᠤ᠂ ᠲᠡᠯᠡᠭᠡᠢ ᠶᠢᠨ | ᠲᠡᠷᠢᠭᠦᠨ ᠳᠤ ᠵᠢᠭᠰᠠᠭᠠᠭᠳᠠᠬᠤ ᠬᠦᠴᠦᠷᠭᠡᠭ ᠶᠡᠭᠡ᠂ ᠬᠤᠷᠳᠤᠨ ᠭᠠᠪᠰᠢᠭᠠᠢ ᠮᠤᠷᠢᠲᠤ ᠴᠡᠷᠢᠭ ᠢ ᠴᠤᠭᠴᠠᠯᠠᠨ ᠪᠦᠬᠦ | ᠠᠷᠠᠳ ᠤᠨ ᠴᠡᠷᠢᠭᠵᠢᠯ ᠢ ᠪᠡᠶᠡᠯᠡᠭᠦᠯᠵᠤ᠂ ᠴᠡᠷᠢᠭ ᠳᠠᠶᠢᠨ ᠤ ᠡᠷᠳᠡᠮ ᠢ ᠬᠦᠢᠲᠡᠨ ᠵᠡᠪᠰᠡᠭ ᠤᠨ ᠦᠶ᠎ᠡ ᠶᠢᠨ ᠤᠷᠬᠢᠯ | ᠳᠤ ᠲᠤᠯᠭᠠᠭᠰᠡᠨ ᠪᠠᠶᠢᠨ᠎ᠠ᠃ | ⒋ ᠳᠡᠯᠡᠭᠡᠢ ᠳᠡᠭᠡᠷ᠎ᠡ ᠬᠠᠮᠤᠭ ᠤᠨ ᠡᠷᠲᠡ ᠵᠠᠮ ᠲᠡᠭᠡᠭᠡᠪᠤᠷᠢ ᠬᠠᠷᠢᠯᠴᠠᠭ᠎ᠠ ᠬᠤᠯᠪᠤᠭᠠᠨ ᠤ ᠰᠢᠰᠲ᠋ᠧᠮ ᠢ ᠪᠠᠶᠢᠭᠤᠯᠵᠤ | ᠂ ᠳᠡᠯᠡᠭᠡᠢ ᠶᠢᠨ ᠵᠠᠮ ᠬᠠᠷᠢᠯᠴᠠᠭᠠᠨ ᠤ ᠲᠤᠤᠷ ᠢ ᠴᠤᠭᠴᠠᠯᠠᠨ ᠳᠡᠯᠡᠭᠡᠢ ᠶᠢᠨ ᠠᠷᠠᠯᠵᠢᠶ᠎ᠡ ᠬᠤᠳᠠᠯᠳᠤᠭᠠᠨ ᠤ | ᠬᠦᠭᠵᠢᠯᠲᠡ ᠶᠢ ᠠᠬᠢᠭᠤᠯᠵᠤ ᠳᠡᠯᠡᠭᠡᠢ ᠶᠢᠨ ᠲᠡᠦᠭᠡ ᠶᠢ ᠠᠩᠬ᠎ᠠ ᠤᠳᠠᠭ᠎ᠠ ︽ᠤᠯᠠᠨ ᠤᠯᠤᠰᠴᠢᠯᠠᠵᠤ︾ | ᠳᠡᠯᠡᠭᠡᠶᠢᠴᠢᠯᠡᠪᠡ᠃ | ⒌ ᠤᠯᠤᠰ ᠲᠦᠷᠦ ᠶᠢᠨ ᠠᠷᠠᠳᠴᠢᠯᠠᠯ ᠢ ᠬᠠᠮᠤᠭ ᠤᠨ ᠠᠩᠬ᠎ᠠ ᠬᠠᠤᠯᠢᠵᠢᠭᠤᠯᠵᠤ᠂ ᠳᠡᠯᠡᠭᠡᠢ ᠳᠡᠭᠡᠷᠡᠬᠢ ᠬᠠᠮᠤᠭ | ᠤᠨ ᠠᠩᠬᠠᠨ ᠤ ᠦᠨᠳᠦᠰᠦᠨ ᠬᠠᠤᠯᠢ ᠶᠢᠨ ᠴᠢᠨᠠᠷ ᠲᠠᠢ᠂ ᠦᠨᠳᠦᠰᠦᠨ ᠬᠠᠤᠯᠢᠲᠤ ᠵᠠᠰᠠᠭ ᠤᠨ ᠠᠭᠤᠯᠭ᠎ᠠ ᠲᠠᠢ | ᠬᠠᠤᠯᠢ ᠶᠢᠨ ᠪᠢᠴᠢᠭ ︽ᠶᠡᠭᠡ ᠵᠠᠰᠠᠭ︾ ᠢ ᠨᠡᠶᠢᠲᠡᠯᠡᠵᠤ᠂ ᠱᠠᠰᠢᠨ ᠰᠢᠲᠦᠯᠭᠡ ᠳᠤ ᠬᠠᠮᠤᠭ ᠤᠨ ᠴᠢᠯᠦᠭᠡᠲᠡᠢ ᠲᠦᠷᠦ | ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠪᠠᠶᠢᠨ᠎ᠠ᠃ | ⒍ ᠴᠢᠩᠬᠢᠰ ᠬᠠᠭᠠᠨ ᠪᠤᠯ ᠠᠮᠠᠨ ᠰᠢᠯᠦᠭᠴᠢ ᠪᠠᠶᠢᠵᠤ᠂ ᠲᠡᠭᠦᠨ ᠤ ᠪᠢᠯᠢᠭ ᠰᠤᠷᠭᠠᠯ ᠤᠨ ᠰᠢᠨᠵᠢ ᠲᠠᠢ ᠰᠢᠯᠦᠭ | ᠤᠨ ᠦᠭᠡ ᠬᠡᠯᠡᠯᠭᠡ ᠨᠢ ᠨᠡᠶᠢᠭᠡᠮ ᠳᠠᠶᠠᠭᠠᠷ ᠦᠷᠭᠡᠨ ᠳᠡᠯᠭᠡᠷᠡᠵᠤ ᠵᠠᠷᠢᠮ ᠨᠢ ᠬᠡᠪᠰᠢᠮᠡᠯ ᠬᠡᠯᠡᠯᠭᠡ ᠪᠤᠯᠤᠭᠠᠳ᠂ | ᠮᠤᠩᠭᠤᠯᠴᠤᠳ᠂ ᠴᠢᠨᠠᠭᠰᠢᠯᠠᠪᠠᠯ ᠬᠦᠮᠦᠨ ᠲᠦᠷᠦᠯᠬᠢᠲᠡᠨ ᠤ ᠤᠶᠤᠨ ᠤᠬᠠᠭᠠᠨ ᠵᠤᠷᠢᠭ ᠰᠠᠨᠠᠭᠠᠨ ᠤ ᠡᠷᠬᠢᠮ ᠦᠨᠡᠲᠤ | ᠦᠪ ᠬᠦᠷᠦᠩᠭᠡ ᠪᠤᠯᠤᠭᠰᠡᠨ ᠪᠠᠶᠢᠨ᠎ᠠ᠃ | ᠴᠢᠩᠬᠢᠰ ᠬᠠᠭᠠᠨ ᠤ ᠪᠢᠯᠢᠭ ᠰᠤᠷᠭᠠᠯ᠄ | ᠪᠡᠶ᠎ᠡ ᠪᠠᠭᠠᠲᠤᠷ ᠪᠤᠯᠪᠠᠰᠤ ᠨᠢᠭᠡᠨ ᠦᠶ᠎ᠡ ᠶᠢᠨ ᠪᠠᠭᠠᠲᠤᠷ | ᠪᠢᠯᠢᠭ ᠪᠠᠭᠠᠲᠤᠷ ᠪᠤᠯᠪᠠᠰᠤ ᠲᠦᠮᠡᠨ ᠦᠶ᠎ᠡ ᠶᠢᠨ ᠪᠠᠭᠠᠲᠤᠷ᠃ | ᠵᠤᠷᠢᠪᠠᠰᠤ ᠦᠯᠦ ᠬᠦᠷᠬᠦ ᠭᠠᠵᠠᠷ ᠬᠡᠮᠡᠨ ᠦᠭᠡᠢ | ᠵᠤᠷᠢᠭᠯᠠᠪᠠᠰᠤ ᠦᠯᠦ ᠪᠦᠲᠦᠬᠦ ᠦᠢᠯᠡ ᠬᠡᠮᠡᠨ ᠦᠭᠡᠢ᠃ | ᠦᠨᠳᠦᠷ ᠠᠭᠤᠯᠡ ᠶᠢᠨ ᠬᠦᠲᠦᠯ ᠵᠤᠷᠢ | ᠦᠷᠭᠡᠨ ᠳᠠᠯᠠᠢ ᠶᠢᠨ ᠤᠯᠤᠮ ᠵᠤᠷᠢ᠃ |