ᠰᠠᠭᠠᠯᠢ ᠶᠢᠨ ᠠᠷᠢᠬᠢ
ᠨᠡᠶᠢᠲᠡᠯᠡᠭᠰᠡᠨ ᠴᠠᠭ᠄
2019/9/20
᠎   ᠰᠠᠭᠠᠯᠢ ᠶᠢᠨ ᠠᠷᠢᠬᠢ ᠶᠢ ᠲᠠᠰᠤᠯᠠᠯ ᠦᠭᠡᠢ ᠪᠠᠭ᠎ᠠ ᠰᠠᠭ᠎ᠠ ᠤᠤᠭᠤᠪᠠᠯ᠂ ᠬᠦᠮᠦᠰ ᠤᠨ ᠴᠢᠭᠢᠭ ᠠᠴᠠ ᠪᠣᠯᠤᠭᠰᠠᠨ ᠬᠥᠯ ᠨᠢᠷᠤᠭᠠᠨ ᠡᠪᠡᠳᠬᠦ ᠭᠡᠮ ᠢ ᠡᠳᠡᠭᠡᠭᠡᠵᠤ ᠪᠣᠯᠬᠤ ᠶᠢᠨ ᠬᠠᠮᠲᠤ ᠪᠠᠰᠨ ᠬᠦᠮᠦᠨ ᠳᠤ ᠲᠠᠮᠢᠷ ᠲᠡᠩᠭᠡᠭᠡ ᠣᠷᠣᠭᠤᠯᠵᠤ ᠂ ᠬᠦᠮᠦᠰ ᠤᠨ ᠡᠪᠠᠳᠴᠢᠨ ᠡᠰᠡᠷᠭᠦᠴᠠᠬᠦ ᠴᠢᠳᠠᠪᠤᠷᠢ ᠶᠢ ᠨᠡᠮᠡᠭᠳᠡᠬᠦᠯᠬᠦ ᠠᠴᠠ ᠭᠠᠳᠠᠨ᠎ᠠ ᠪᠠᠰᠨ ᠵᠢᠰᠦ ᠴᠢᠷᠠᠢ ᠶᠢ ᠰᠠᠶᠢᠬᠠᠷᠠᠭᠤᠯᠵᠤ᠂ ᠥᠲᠡᠯᠡᠬᠦ ᠶᠢ ᠤᠳᠠᠭᠠᠰᠢᠷᠠᠭᠤᠯᠬᠤ ᠦᠢᠯᠡᠳᠦᠯ ᠲᠠᠢ ᠬᠡᠵᠤ ᠡᠷᠳᠡᠮᠲᠡᠳ ᠶᠡᠷᠢᠭᠰᠡᠨ ᠪᠠᠶᠢᠳᠠᠭ᠃ ᠰᠠᠭᠠᠯᠢ ᠶᠢᠨ ᠠᠷᠢᠬᠢ ᠬᠡᠮᠡᠭᠴᠢ ᠤᠮᠳᠠᠭᠠᠨ ᠪᠤᠯ ᠪᠡᠶ᠎ᠡ ᠶᠢᠨ ᠢᠯᠴᠢ ᠶᠢ ᠨᠡᠮᠡᠭᠳᠡᠬᠦᠯᠦᠨ᠂ ᠴᠢᠰᠦᠨ ᠤ ᠡᠷᠬᠢᠯᠳᠡ ᠶᠢ ᠲᠦᠷᠬᠡᠳᠬᠡᠨ᠂ ᠬᠡᠢ ᠪᠠᠳᠭᠠᠨ ᠢ ᠬᠦᠬᠡᠬᠡᠨ᠂ ᠰᠡᠳᠬᠢᠯ ᠰᠠᠨᠠᠭ᠎ᠠ ᠶᠢ ᠰᠡᠷᠬᠦᠬᠡᠨ᠂ ᠤᠷᠮ᠎ᠠ ᠶᠢ ᠬᠦᠭᠵᠢᠬᠡᠳᠡᠭ ᠴᠢᠳᠠᠪᠤᠷᠢ ᠲᠠᠢ ᠤᠮᠳᠠᠭᠠᠨ ᠶᠤᠮ᠃ ᠠᠷᠠᠵᠡ ᠠᠷᠢᠬᠢ ᠪᠤᠯᠪᠠᠰᠤ ᠠᠮᠲᠠᠯᠢᠭ ᠭᠤᠰᠢᠭᠤᠨ ᠠᠮᠲᠠᠲᠠᠢ᠂ ᠶᠡᠭᠡ ᠬᠠᠯᠠᠭᠤᠨ ᠴᠢᠨᠠᠷᠲᠠᠢ ᠪᠦᠭᠡᠳ ᠶᠡᠭᠡ ᠬᠠᠲᠠᠭᠤ ᠴᠢᠨᠠᠷᠳᠠᠢ᠂ ᠭᠤᠤᠯᠳᠠᠭᠤ ᠰᠡᠷᠢᠭᠦᠨ ᠢᠶᠠᠷ ᠬᠤᠷᠠᠵᠤ ᠲᠤᠭᠳᠠᠭᠰᠠᠨ ᠢ ᠲᠠᠷᠬᠠᠭᠠᠬᠤ ᠪᠦᠭᠡᠳ ᠬᠦᠢᠲᠡᠨ ᠬᠡᠢ ᠶᠢ ᠠᠷᠢᠯᠭᠠᠮᠤᠢ ᠳᠡᠭᠡᠳᠤ ᠰᠠᠶᠢᠨ ᠠᠷᠢᠬᠢ ᠪᠠᠷ ᠵᠢᠩᠨᠡᠵᠤ ᠨᠡᠷᠡᠵᠤ ᠠᠪᠤᠭᠰᠠᠨ ᠢ ᠠᠷᠠᠵᠠ ᠬᠡᠮᠡᠵᠦᠭᠦᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号