| | ᠠᠷᠪᠠᠨ ᠲᠠᠪᠤᠳᠤᠭᠠᠷ ᠵᠠᠭᠤᠨ ᠠᠴᠠ ᠮᠣᠩᠭᠤᠯ ᠤᠨ ᠲᠡᠥᠬᠡᠨ ᠳᠠᠪᠴᠠᠩ ᠳᠡᠭᠡᠷ᠎ᠡ ᠣᠩᠨᠢᠭᠤᠳ ᠠᠶᠢᠮᠠᠭ ᠪᠡᠶ᠎ᠡ ᠪᠠᠨ | ᠳᠠᠭᠠᠭᠠᠭᠰᠠᠨ ᠬᠦᠴᠦᠨ ᠪᠣᠯᠵᠤ ᠢᠯᠡᠷᠡᠵᠡᠢ᠃ ᠣᠩᠨᠢᠭᠤᠳ ᠭᠡᠳᠡᠭ ᠨᠢ ᠸᠠᠩ ︵ᠤᠩ︶ ᠤᠨ ᠢᠷᠭᠡᠳ ᠬᠡᠮᠡᠬᠦ | ᠤᠳᠬ᠎ᠠ ᠲᠠᠢ ᠦᠭᠡ ᠶᠣᠮ᠃ ᠡᠷᠳᠡᠮᠲᠡᠳ ᠤᠨ ᠰᠣᠳᠤᠯᠭᠠᠨ ᠤ ᠪᠥᠲᠦᠭᠡᠯ ᠢ ᠦᠨᠳᠦᠰᠦᠯᠡᠪᠡᠰᠦ᠂ ᠣᠩᠨᠢᠭᠤᠳ | ᠭᠡᠳᠡᠭ ᠨᠢ ᠴᠢᠩᠭᠢᠰ ᠬᠠᠭᠠᠨ ᠤ ᠳᠥᠷᠪᠡᠨ ᠳᠡᠭᠦᠦ ᠨᠠᠷ ᠤᠨ ᠬᠤᠶᠢᠴᠢᠰ ᠤᠨ ᠨᠣᠶᠠᠯᠠᠳᠠᠭ ᠠᠶᠢᠮᠠᠭ ᠤᠳ ᠢ ᠵᠢᠭᠠᠵᠤ | ᠬᠡᠯᠡᠭᠰᠡᠨ ᠨᠡᠶᠢᠲᠡ ᠶᠢᠨ ᠨᠡᠷᠡᠶᠢᠳᠦᠯ ᠶᠣᠮ᠃ ᠣᠩᠨᠢᠭᠤᠳ ᠤᠨ ᠮᠠᠭᠤᠯᠢᠬᠠᠢ ᠤᠩ ᠤᠨ ᠦᠶ᠎ᠡ ᠳᠤ ᠵᠡᠭᠦᠨ | ᠮᠣᠩᠭᠤᠯ ᠤᠨ ᠲᠥᠷᠦ ᠶᠢ ᠮᠡᠳᠡᠬᠦ ᠴᠢᠳᠠᠯ ᠲᠠᠢ ᠪᠣᠯᠣᠭᠰᠠᠨ ᠶᠣᠮ᠃ 1454 ᠤᠨ ᠳᠤ ᠮᠠᠷᠺᠦᠬᠢᠰ ᠬᠠᠭᠠᠨ ᠢ | ᠰᠠᠭᠤᠷᠢᠨ ᠳᠤ ᠰᠠᠭᠤᠯᠭᠠᠬᠤ ᠦᠶ᠎ᠡ ᠳᠤ ᠮᠠᠭᠤᠯᠢᠬᠠᠢ ᠤᠩ ᠴᠢᠬᠤᠯᠠ ᠦᠢᠯᠡᠳᠦᠯ ᠭᠠᠷᠭᠠᠵᠠᠢ᠃ ᠲᠠᠶᠢᠵᠢ ᠨᠠᠷ ᠤᠨ | ᠡᠷᠬᠡ ᠪᠤᠯᠢᠶᠠᠯᠳᠤᠭᠰᠠᠨ ᠲᠡᠮᠡᠴᠡᠯ ᠤᠨ ᠦᠷᠡᠭᠳᠡᠯ ᠪᠣᠯᠭᠠᠵᠤ᠂ ᠮᠣᠯᠣᠢ ᠲᠠᠶᠢᠱᠢ ᠮᠠᠷᠺᠦᠬᠢᠰ ᠬᠠᠭᠠᠨ ᠢ ᠠᠯᠠᠪᠠ᠃ | ᠤᠳᠠᠯ ᠦᠭᠡᠢ ᠮᠠᠭᠤᠯᠢᠬᠠᠢ ᠤᠩ ᠴᠡᠷᠢᠭ ᠮᠣᠷᠳᠠᠵᠤ ᠮᠣᠯᠣᠢ ᠲᠠᠶᠢᠱᠢ ᠶᠢ ᠠᠯᠠᠵᠤ᠂ ᠮᠣᠯᠣᠨ ᠢ ᠬᠠᠭᠠᠨ ᠰᠢᠷᠡᠭᠡᠨ᠎ᠡ | ᠰᠠᠭᠤᠯᠭᠠᠪᠠ᠃ ᠭᠡᠲᠡᠯ᠎ᠡ ᠨᠢᠭᠡ ᠵᠢᠯ ᠢᠯᠡᠭᠦᠦ ᠪᠣᠯᠤᠮᠠᠭᠴᠠ ᠮᠠᠭᠤᠯᠢᠬᠠᠢ ᠤᠩ ᠳᠠᠬᠢᠭᠠᠳ ᠠᠷᠭ᠎ᠠ ᠦᠭᠡᠢ ᠶᠢᠨ | ᠡᠷᠬᠡᠨ ᠳᠤ ᠮᠣᠯᠣᠨ ᠬᠠᠭᠠᠨ ᠢ ᠬᠤᠣᠷᠯᠠᠵᠠᠢ᠃ ᠣᠩᠨᠢᠭᠤᠳ ᠠᠶᠢᠮᠠᠭ ᠤᠨ ᠨᠣᠶᠠᠷᠬᠠᠭᠴᠢᠳ ᠪᠠ ᠠᠯᠲᠠᠨ ᠤᠷᠤᠭᠲᠠᠨ | ᠪᠣᠰᠤ ᠨᠣᠶᠠᠳ ᠤᠨ ᠡᠷᠬᠡ ᠶᠢᠨ ᠲᠡᠮᠡᠴᠡᠯ ᠨᠢ ᠵᠡᠭᠦᠨ ᠮᠣᠩᠭᠤᠯ ᠢ ᠪᠣᠲᠠᠷᠠᠯ ᠬᠠᠭᠠᠴᠠᠯ ᠳᠤ ᠣᠷᠣᠭᠤᠯᠵᠤ᠂ ᠡᠯᠳᠡᠪ | ᠹᠧᠣᠳᠠᠯ ᠤᠨ ᠬᠦᠴᠦᠨ ᠤ ᠰᠠᠮᠠᠭᠤᠨ ᠳᠠᠶᠢᠨ ᠢ ᠳᠡᠭᠳᠡᠭᠡᠨ᠂ ᠮᠠᠭᠤᠯᠢᠬᠠᠢ ᠤᠩ ᠴᠤ ᠡᠨᠡ ᠳᠠᠶᠢᠨ ᠳᠤ ᠦᠬᠦᠵᠡᠢ᠃ | 1475 ᠣᠨ ᠳᠤ ᠵᠡᠭᠦᠨ ᠮᠣᠩᠭᠤᠯ ᠮᠠᠨᠳᠤᠭᠤᠯ ᠬᠠᠭᠠᠨ ᠤ ᠲᠤᠭ ᠤᠨ ᠳᠣᠣᠷ᠎ᠠ ᠨᠢᠭᠡᠳᠬᠦ ᠪᠣᠯᠲᠠᠯ᠎ᠠ ᠣᠩᠨᠢᠭᠤᠳ | ᠠᠶᠢᠮᠠᠭ ᠨᠢ ᠡᠷᠬᠡ ᠶᠢᠨ ᠲᠡᠮᠡᠴᠡᠭᠡᠨ ᠳᠤ ᠥᠪᠡᠷ ᠤᠨ ᠳᠦᠷᠢ ᠪᠠᠨ ᠲᠣᠭᠯᠠᠵᠤ ᠪᠠᠶᠢᠵᠠᠢ᠃ | ᠣᠩᠨᠢᠭᠤᠳ ᠠᠶᠢᠮᠠᠭ ᠠᠷᠪᠠᠨ ᠵᠢᠷᠭᠤᠳᠤᠭᠠᠷ ᠵᠠᠭᠤᠨ ᠤ ᠡᠬᠢᠨ ᠳᠤ ᠬᠢᠩᠭᠠᠨ ᠳᠠᠪᠠᠭᠠᠨ ᠤ ᠠᠷᠤ᠂ ᠪᠠᠷᠤᠭ | ᠣᠳᠣ ᠶᠢᠨ ᠦᠵᠦᠮᠦᠴᠢᠨ ᠣᠷᠴᠢᠮ ᠨᠤᠲᠤᠭᠯᠠᠵᠤ ᠪᠠᠶᠢᠭᠰᠠᠨ ᠢᠶᠠᠨ ᠠᠷᠪᠠᠨ ᠳᠣᠯᠣᠳᠤᠭᠠᠷ ᠵᠠᠭᠤᠨ ᠤ ᠡᠬᠢᠨ ᠢᠶᠠᠷ | ᠡᠮᠦᠨᠡᠰᠢ ᠪᠠᠭᠤᠵᠤ᠂ ᠰᠢᠷ᠎ᠠ ᠮᠦᠷᠡᠨ ᠤ ᠠᠷᠤ ᠶᠢᠨ ᠭᠠᠵᠠᠷ ᠲᠤ ᠨᠤᠲᠤᠭᠯᠠᠵᠠᠢ᠃ ᠯᠢᠭᠳᠡᠨ ᠬᠤᠳᠣᠭᠲᠤ ᠬᠠᠭᠠᠨ ᠤ | ᠨᠣᠶᠠᠷᠬᠠᠯ ᠤᠨ ᠰᠡᠭᠦᠯᠴᠢ ᠦᠶ᠎ᠡ ᠪᠠᠷ ᠣᠩᠨᠢᠭᠤᠳ ᠠᠶᠢᠮᠠᠭ ᠯᠢᠭᠳᠡᠨ ᠬᠤᠳᠣᠭᠲᠣ ᠬᠠᠭᠠᠨ ᠤ ᠡᠰᠡᠷᠭᠦ ᠪᠣᠯᠵᠣ᠂ | 1632 ᠣᠨ ᠳᠤ ᠮᠠᠨᠵᠤ ᠳᠤ ᠪᠠᠭᠤᠵᠤ ᠥᠭᠪᠡ᠃ ᠮᠠᠨᠵᠤ ᠴᠢᠩ ᠤᠯᠤᠰ ᠨᠢ ᠮᠣᠩᠭᠤᠯ ᠣᠷᠣᠨ ᠳᠤ ᠨᠠᠢᠮᠠᠨ | ᠬᠤᠰᠢᠭᠤᠨ ᠤ ᠳᠦᠷᠢᠮ ᠪᠣᠶᠤ ᠬᠤᠰᠢᠭᠤ ᠴᠢᠭᠤᠯᠭᠠᠨ ᠤ ᠪᠠᠶᠢᠭᠤᠯᠤᠯ ᠢ ᠬᠡᠷᠡᠭᠵᠢᠭᠦᠯᠦᠭᠰᠡᠨ ᠪᠠᠶᠢᠨ᠎ᠠ᠃ ᠳᠡᠳᠡᠨᠡᠷ | 1636 ᠣᠨ ᠤ ᠮᠥᠭᠳᠡᠨ ᠤ ᠬᠤᠷᠠᠯ ᠳᠡᠭᠡᠷ᠎ᠡ ᠥᠪᠥᠷ ᠮᠣᠩᠭᠤᠯ ᠤᠨ ᠬᠤᠷᠢᠨ ᠳᠥᠷᠪᠡᠨ ᠠᠶᠢᠮᠠᠭ ᠢ ᠳᠥᠴᠢ | ᠶᠢᠰᠦᠨ ᠬᠤᠰᠢᠭᠤ ᠪᠣᠯᠭᠠᠨ ᠬᠤᠪᠢᠶᠠᠵᠤ᠂ ᠵᠢᠷᠭᠤᠭᠠᠨ ᠴᠢᠭᠤᠯᠭᠠᠨ ᠳᠤ ᠪᠠᠭᠲᠠᠭᠠᠭᠰᠠᠨ ᠪᠠᠶᠢᠨ᠎ᠠ᠃ ᠡᠭᠦᠨᠴᠡ | ᠣᠩᠨᠢᠭᠤᠳ ᠠᠶᠢᠮᠠᠭ ᠵᠣᠣ ᠤᠳᠠ ᠶᠢᠨ ᠴᠢᠭᠤᠯᠭᠠᠨ ᠳᠤ ᠬᠠᠷᠢᠶᠠᠯᠠᠭᠳᠠᠵᠤ᠂ ᠣᠩᠨᠢᠭᠤᠳ ᠵᠡᠭᠦᠨ ᠭᠠᠷ ᠤᠨ | ᠬᠤᠰᠢᠭᠤ᠂ ᠣᠩᠨᠢᠭᠤᠳ ᠪᠠᠷᠠᠭᠤᠨ ᠭᠠᠷ ᠤᠨ ᠬᠤᠰᠢᠭᠤ ᠭᠡᠵᠦ ᠬᠤᠶᠠᠷ ᠠᠩᠬᠢᠯᠠᠭᠳᠠᠵᠠᠢ᠃ ᠣᠩᠨᠢᠭᠤᠳ ᠠᠶᠢᠮᠠᠭ ᠢ | ᠴᠢᠩ ᠤᠯᠤᠰ ᠠᠴᠠ ᠣᠩᠨᠢᠭᠤᠳ ᠬᠤᠶᠠᠷ ᠬᠤᠰᠢᠭᠤ ᠪᠣᠯᠭᠠᠨ ᠪᠠᠶᠢᠭᠤᠯᠤᠭᠰᠠᠨ ᠤ ᠳᠠᠷᠠᠭ᠎ᠠ ᠰᠠᠶ᠋ᠢ ᠨᠡᠩ | ᠡᠮᠦᠨᠡᠰᠢᠯᠡᠵᠦ ᠰᠢᠷ᠎ᠡ ᠮᠦᠷᠡᠨ ᠤ ᠡᠮᠦᠨ᠎ᠡ ᠨᠤᠲᠤᠭᠰᠢᠵᠠᠢ᠃ ᠴᠢᠩ ᠤᠯᠤᠰ ᠤᠨ ᠦᠶ᠎ᠡ ᠶᠢᠨ ᠣᠩᠨᠢᠭᠤᠳ ᠠᠶᠢᠮᠠᠭ | ᠪᠣᠶᠤ ᠣᠩᠨᠢᠭᠤᠳ ᠬᠤᠰᠢᠭᠤᠨ ᠤ ᠨᠣᠶᠠᠷᠬᠠᠭᠴᠢᠳ ᠢ ᠬᠡᠨ ᠤ ᠬᠤᠶᠢᠴᠢᠰ ᠪᠣᠯᠬᠤ ᠳᠣᠬᠠᠢ ᠮᠠᠷᠭᠤᠯᠳᠤᠭᠠᠨ ᠨᠢ ᠣᠳᠣ | ᠬᠦᠷᠲᠡᠯ᠎ᠡ ᠦᠷᠭᠦᠯᠵᠢᠯᠡᠭᠰᠡᠭᠡᠷ ᠪᠠᠶᠢᠨ᠎ᠠ᠃ ᠵᠠᠷᠢᠮ ᠨᠢ ᠬᠠᠴᠢᠭᠤᠨ ᠤ ᠬᠤᠶᠢᠴᠢᠰ ᠭᠡᠬᠦ᠂ ᠵᠠᠷᠢᠮ ᠨᠢ ᠣᠳᠴᠢᠬᠢᠨ ᠤ | ᠬᠤᠶᠢᠴᠢᠰ ᠭᠡᠬᠦ᠃ ᠰᠡᠭᠦᠯ ᠤᠨ ᠦᠶ᠎ᠡ ᠪᠠᠷ ᠰᠣᠳᠣᠯᠭᠠᠴᠢᠳ ᠣᠩᠨᠢᠭᠤᠳ ᠤᠨ ᠨᠣᠶᠠᠷᠬᠠᠭᠴᠢᠳ ᠤᠨ ᠳᠡᠭᠡᠳᠦᠰ ᠪᠣᠯ | ᠬᠠᠴᠢᠭᠤᠨ ᠭᠡᠬᠦ ᠦᠵᠡᠯᠲᠡ ᠶᠢ ᠪᠠᠷᠢᠮᠲᠠᠯᠠᠵᠠᠢ᠃ ᠮᠦᠨ ᠣᠩᠨᠢᠭᠤᠳ ᠬᠤᠰᠢᠭᠤᠨ ᠤ ᠵᠠᠬ᠎ᠠ ᠬᠢᠵᠠᠭᠠᠷ ᠤᠨ ᠳᠣᠬᠠᠢ ︽ | ᠮᠣᠩᠭᠤᠯ ᠤᠨ ᠬᠤᠰᠢᠭᠤ ᠨᠤᠲᠤᠭ ᠤᠨ ᠲᠡᠮᠳᠡᠭᠯᠡᠯ︾ ᠳᠤ ︽ᠣᠩᠨᠢᠭᠤᠳ ᠠᠶᠢᠮᠠᠭ ᠮᠣᠯᠲᠣᠰᠢ ᠬᠠᠭᠠᠯᠭ᠎ᠠ ᠠᠴᠠ | ᠵᠡᠭᠦᠨ ᠬᠤᠶᠢᠰᠢ ᠲᠠᠪᠤᠨ ᠵᠠᠭᠤ ᠬᠤᠷᠢᠨ ᠭᠠᠵᠠᠷ᠂ ᠵᠢᠨᠱᠢ ᠠᠴᠠ ᠲᠣᠯᠣᠭᠠᠨ ᠵᠠᠭᠤ ᠬᠤᠷᠢᠨ ᠭᠠᠵᠠᠷ᠂ ᠡᠮᠦᠨ᠎ᠡ | ᠤᠮᠠᠷᠠᠰᠢ ᠵᠠᠭᠤᠨ ᠵᠢᠷᠠᠨ ᠭᠠᠵᠠᠷ ᠪᠣᠶᠣ᠃ ᠵᠡᠭᠦᠨ ᠡᠲᠡᠭᠡᠳ ᠢᠨᠤ ᠠᠷᠤ ᠬᠤᠷᠴᠢᠨ ᠲᠠᠢ ᠵᠠᠬ᠎ᠠ ᠨᠡᠶᠢᠯᠡᠵᠦ᠂ | ᠪᠠᠷᠠᠭᠤᠨ ᠡᠲᠡᠭᠡᠳ ᠢᠨᠤ ᠴᠧᠩᠳᠧ ᠪᠠᠷ ᠿᠧᠾᠧ ᠶᠢᠨ ᠬᠤᠷᠢᠭ᠎ᠠ ᠭᠠᠵᠠᠷ ᠲᠤ ᠵᠠᠬ᠎ᠠ ᠨᠡᠶᠢᠯᠡᠵᠦᠬᠦᠢ᠃ ᠡᠮᠦᠨ᠎ᠡ | ᠡᠲᠡᠭᠡᠳ ᠢᠨᠤ ᠬᠠᠷᠠᠴᠢᠨ ᠵᠢᠴᠢ ᠠᠤᠬᠠᠨ ᠳᠤ ᠵᠠᠬ᠎ᠠ ᠨᠡᠶᠢᠯᠡᠵᠦ᠂ ᠤᠮᠠᠷ᠎ᠠ ᠡᠲᠡᠭᠡᠳ ᠢᠨᠤ ᠪᠠᠭᠠᠷᠢᠨ ᠵᠢᠴᠢ | ᠬᠡᠰᠢᠭᠲᠡᠨ ᠢᠶᠠᠷ ᠵᠠᠬ᠎ᠠ ᠨᠡᠶᠢᠯᠡᠵᠦᠬᠦᠢ︾ ᠭᠡᠵᠡᠢ᠃ ᠮᠢᠩ ᠤᠯᠤᠰ ᠤᠨ ᠠᠩᠬᠠᠨ ᠳᠤᠷ ᠤᠷᠢᠶᠠᠩᠬᠠᠨ ᠤ ᠨᠤᠶᠠᠳ ᠬᠦᠢ | ︵ᠦᠶ᠎ᠡ︶ ᠪᠠᠶᠢᠭᠤᠯᠵᠤ᠂ ᠭᠠᠳᠠᠭᠠᠳᠤ ᠬᠠᠷᠢᠶ᠎ᠠ ᠭᠡᠵᠦ ᠠᠪᠤᠭᠰᠠᠨ ᠢᠶᠠᠷ ᠮᠣᠩᠭᠤᠯ ᠳᠤ ᠣᠷᠣᠵᠤᠬᠤᠢ᠃ ᠡᠨᠡ ᠨᠢ | ᠮᠠᠨᠵᠤ ᠶᠢᠨ ᠦᠶ᠎ᠡ ᠶᠢᠨ ᠣᠩᠨᠢᠭᠤᠳ ᠬᠤᠰᠢᠭᠤᠨ ᠤ ᠭᠠᠵᠠᠷ ᠤᠨ ᠵᠢᠷᠤᠭ ᠶᠣᠮ᠃ ᠰᠣᠷᠪᠣᠯᠵᠢ ᠪᠢᠴᠢᠭ ᠲᠤ | ᠦᠨᠳᠦᠰᠦᠯᠡᠪᠡᠯ ᠬᠤᠶᠠᠷ ᠣᠩᠨᠢᠭᠤᠳ ᠤᠨ ᠬᠤᠪᠢᠶᠠᠷᠢ ᠰᠣᠮᠣ ᠨᠢ ᠵᠡᠭᠦᠨ ᠭᠠᠷ ᠤᠨ ᠬᠤᠰᠢᠭᠤᠨ ᠳᠤ ᠭᠤᠴᠢᠨ | ᠨᠠᠢᠮᠠᠨ ᠰᠣᠮᠣ᠂ ᠪᠠᠷᠠᠭᠤᠨ ᠭᠠᠷ ᠤᠨ ᠬᠤᠰᠢᠭᠤᠨ ᠳᠤ ᠬᠤᠷᠢᠨ ᠰᠤᠮᠤ ᠪᠠᠶᠢᠵᠠᠢ᠃ | ᠢᠷᠭᠡᠨ ᠤᠯᠤᠰ ᠤᠨ ᠦᠶ᠎ᠡ ᠳᠤ ᠵᠡᠭᠦᠨ ᠬᠡᠰᠡᠭ ᠤᠨ ᠮᠣᠩᠭᠤᠯ ᠦᠨᠳᠦᠰᠦᠲᠡᠨ ᠲᠥᠪᠯᠡᠷᠡᠨ ᠰᠠᠭᠤᠭᠰᠠᠨ | ᠣᠷᠣᠨ ᠢᠶᠠᠨ ᠣᠩᠨᠢᠭᠤᠳ ᠵᠡᠭᠦᠨ ᠭᠠᠷᠤᠨ ᠬᠤᠰᠢᠭᠤ ᠭᠡᠵᠦ᠂ ᠪᠠᠷᠠᠭᠤᠨ ᠬᠡᠰᠡᠭ ᠤᠨ ᠬᠢᠲᠠᠳ ᠦᠨᠳᠦᠰᠦᠲᠡᠨ | ᠲᠥᠪᠯᠡᠷᠡᠨ ᠰᠠᠭᠤᠭᠰᠠᠨ ᠣᠷᠣᠨ ᠨᠢ ᠤᠯᠠᠭᠠᠨᠬᠠᠳᠠ ᠰᠢᠶᠠᠨ ᠳᠤ ᠬᠠᠷᠢᠶᠠᠯᠠᠭᠳᠠᠵᠤ ᠪᠠᠶᠢᠵᠠᠢ᠃ ᠬᠠᠭᠤᠷᠮᠠᠭ | ᠮᠠᠨᠵᠤ ᠶᠢᠨ ᠦᠶ᠎ᠡ ᠳᠤ ᠣᠩᠨᠢᠭᠤᠳ ᠵᠡᠭᠦᠨ ᠭᠠᠷᠤᠨ ᠬᠤᠰᠢᠭᠤ ᠭᠡᠵᠦ ᠪᠠᠶᠢᠭᠰᠠᠨ ᠢᠶᠠᠨ᠂ 1945 ᠣᠨ ᠠᠴᠠ | ᠿᠧᠾᠧ ᠮᠣᠵᠢ ᠳᠤ ᠬᠠᠷᠢᠶᠠᠯᠠᠭᠳᠠᠵᠠᠢ᠃ 1946 ᠣᠨ ᠳᠤ ᠪᠠᠷᠠᠭᠤᠨ ᠬᠡᠰᠡᠭ ᠨᠢ ᠪᠣᠷᠣᠬᠤᠲᠠ ᠰᠢᠶᠠᠨ᠂ ᠵᠡᠭᠦᠨ | ᠬᠡᠰᠡᠭ ᠨᠢ ᠣᠩᠨᠢᠭᠤᠳ ᠠᠤᠬᠠᠨ ᠬᠤᠯᠪᠣᠭᠠᠲᠤ ᠬᠤᠰᠢᠭᠤ ᠪᠣᠯᠪᠠ᠃ 1954 ᠣᠨ ᠳᠤ ᠣᠩᠨᠢᠭᠤᠳ ᠤᠨ ᠮᠣᠩᠭᠤᠯ | ᠦᠨᠳᠦᠰᠦᠲᠡᠨ ᠤ ᠥᠪᠡᠷᠲᠡᠭᠡᠨ ᠵᠠᠰᠠᠬᠤ ᠬᠤᠰᠢᠭᠤ ᠶᠢ ᠪᠠᠶᠢᠭᠤᠯᠵᠤ᠂ 1956 ᠣᠨ ᠳᠤ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠳᠤ ᠬᠠᠮᠢᠶᠠᠷᠤᠭᠳᠠᠨ᠂ ᠣᠩᠨᠢᠭᠤᠳ ᠬᠤᠰᠢᠭᠤ ᠭᠡᠬᠦ ᠨᠡᠷ᠎ᠡ ᠪᠠᠷ ᠳᠠᠩᠰᠠᠯᠠᠭᠳᠠᠵᠠᠢ᠃ | ᠡᠳᠦᠭᠡ ᠶᠢᠨ ᠣᠩᠨᠢᠭᠤᠳ ᠬᠤᠰᠢᠭᠤ ᠨᠢ ᠴᠢᠩ ᠤᠯᠤᠰ ᠤᠨ ᠦᠶ᠎ᠡ ᠶᠢᠨ ᠣᠩᠨᠢᠭᠤᠳ ᠵᠡᠭᠦᠨ ᠭᠠᠷᠤᠨ ᠬᠤᠰᠢᠭᠤ | ᠶᠣᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |