ᠭᠠᠯ ᠳᠠᠬᠢᠬᠤ ᠶᠤᠰᠤᠨ
ᠨᠡᠶᠢᠲᠡᠯᠡᠭᠰᠡᠨ ᠴᠠᠭ᠄
2020/1/17
ᠭᠠᠯ ᠳᠠᠬᠢᠬᠤ ᠶᠤᠰᠤᠨ ᠭᠡᠳᠡᠭ ᠨᠢ ᠭᠠᠯ ᠢ ᠪᠢᠰᠢᠷᠡᠨ ᠰᠢᠳᠦᠵᠦ ᠭᠠᠯ ᠳᠤ ᠢᠳᠡᠭᠡᠨ ᠤᠮᠳᠠᠭᠠᠨ ᠤ ᠳᠡᠭᠡᠵᠢ ᠪᠡ ᠠᠬᠢ᠂ ᠬᠢᠯᠭᠠᠨ᠎ᠠ᠂ ᠠᠷᠴᠠ ᠳᠡᠷᠢᠬᠦᠳᠡᠨ ᠢ ᠡᠷᠬᠦᠵᠦ᠂ ᠬᠦᠵᠢ ᠵᠤᠯᠠ ᠪᠠᠷᠢᠨ᠂ ᠦᠴᠢᠭ ᠳᠠᠭᠠᠳᠬᠠᠯ ᠤᠩᠰᠢᠨ ᠮᠦᠷᠬᠦᠵᠦ ᠳᠠᠬᠢᠳᠠᠭ ᠦᠢᠯᠡ ᠶᠢ ᠬᠡᠯᠡᠳᠡᠭ ᠪᠦᠯᠦᠭᠡ᠃ ᠮᠤᠩᠭᠤᠯᠴᠤᠳ ᠤᠨ ᠡᠪᠦᠭᠡ ᠳᠡᠭᠡᠳᠦᠰ ᠠᠯᠢ ᠡᠷᠳᠡᠨ ᠠᠴᠠ ᠭᠠᠯ ᠢ ᠡᠷᠬᠢᠮ ᠳᠡᠭᠡᠳᠦ ᠷᠢᠳᠢ ᠰᠢᠳᠢ ᠲᠠᠢ ᠶᠠᠭᠤᠮ᠎ᠠ ᠪᠠᠷ ᠦᠵᠡᠵᠦ᠂ ᠠᠷᠢᠭᠤᠨ ᠴᠢᠨᠠᠷ ᠲᠠᠢ᠂ ᠢᠯᠴᠢ ᠪᠠ ᠭᠡᠷᠡᠯ ᠢ ᠠᠪᠴᠢᠷᠠᠭᠴᠢ ᠰᠠᠬᠢᠭᠤᠰᠤ ᠪᠤᠯᠭᠠᠨ ᠰᠢᠳᠦᠨ ᠳᠠᠬᠢᠭᠰᠠᠭᠠᠷ ᠢᠷᠡᠵᠡᠢ᠃ ︽ᠮᠤᠩᠭᠤᠯ ᠤᠨ ᠨᠢᠭᠤᠴᠠ ᠳᠤᠪᠴᠢᠶᠠᠨ︾  ᠤ 242 ᠳ᠋ᠤᠭᠠᠷ ᠵᠤᠶᠢᠯ ᠳᠤ ᠳᠡᠮᠳᠡᠭᠯᠡᠭᠰᠡᠨ ᠢᠶᠠᠷ᠂ ᠴᠢᠩᠬᠢᠰ ᠬᠠᠭᠠᠨ ᠦᠪᠡᠷ ᠤᠨ ᠠᠪᠠᠭ᠎ᠠ ᠳᠠᠭᠠᠷᠢᠳᠠᠢ ᠪᠠᠨ ᠬᠡᠷᠡᠶᠢᠳ ᠲᠠᠢ ᠨᠡᠶᠢᠯᠡᠪᠡ ᠬᠡᠮᠡᠨ ᠨᠢᠳᠦᠨ ᠠᠴᠠ ᠬᠤᠯᠠ ᠪᠠᠶᠢᠯᠭᠠᠶ᠎ᠠ ᠭᠡᠰᠡᠨ ᠳᠤ ᠪᠤᠭᠤᠷᠴᠤ᠂ ᠮᠤᠬᠤᠯᠠᠢ᠂ ᠰᠢᠬᠢᠬᠤᠳᠤᠬᠤ ᠭᠤᠷᠪᠠ ︽ᠦᠪᠡᠷ ᠤᠨ ᠭᠠᠯ ᠢᠶᠠᠨ ᠰᠦᠨᠦᠭᠡᠬᠦ ᠮᠡᠳᠦ᠂ ᠦᠪᠡᠷ ᠤᠨ ᠭᠡᠷ ᠢᠶᠠᠨ ᠡᠪᠳᠡᠬᠦ ᠮᠡᠳᠦ︾ ᠭᠡᠵᠦ ᠰᠢᠬᠦᠮᠵᠢᠯᠡᠨ ᠬᠤᠷᠢᠭᠯᠠᠳᠠᠭ᠃ ᠰᠠᠳᠤᠨ ᠲᠦᠷᠦᠯ ᠤᠨ ᠬᠤᠭᠤᠷᠤᠨᠳᠤᠬᠢ ᠡᠪᠳᠡᠷᠡᠯᠴᠡᠯ ᠨᠢ ᠭᠠᠯ ᠭᠤᠯᠤᠮᠳᠠ  ᠪᠠᠨ ᠰᠦᠨᠦᠬᠡᠬᠦ ᠮᠡᠳᠦ ᠠᠶᠤᠯᠳᠠᠢ ᠭᠡᠰᠡᠨ ᠢ ᠢᠩᠬᠢᠵᠦ ᠦᠬᠦᠯᠡᠵᠡᠢ᠃ ᠮᠤᠩᠭᠤᠯᠴᠤᠳ ᠲᠦᠷᠦᠭᠰᠡᠨ ᠨᠤᠳᠤᠭ᠂ ᠠᠮᠢᠳᠤᠷᠠᠵᠦ ᠶᠠᠪᠤᠭ᠎ᠠ ᠭᠠᠵᠠᠷ ᠰᠢᠷᠤᠢ ᠪᠠᠨ ︽ᠡᠬᠡ ᠨᠤᠳᠤᠭ︾᠂ ︽ᠦᠯᠦᠭᠡᠢ ᠨᠤᠳᠤᠭ︾ ᠭᠡᠵᠦ ᠳᠡᠭᠡᠳᠦᠯᠡᠨ ᠳᠠᠭᠤᠳᠠᠳᠠᠭ ᠨᠢ ᠡᠬᠡ ᠭᠠᠵᠠᠷ ᠲᠤ ᠳᠤᠶᠢᠯ ᠦᠭᠡᠢ ᠬᠠᠶᠢᠷᠠᠳᠠᠢ ᠪᠠᠶᠢᠳᠠᠭ ᠤᠨ ᠤᠴᠢᠷ ᠪᠤᠶᠤ︕ ︽ᠨᠤᠳᠤᠭ︾ ᠭᠡᠰᠡᠨ ᠦᠭᠡ ᠶᠢ ᠷᠠᠰᠢᠳ᠋ — ᠠᠳ᠋ — ᠳ᠋ᠢᠨ ᠤ ︿︿ᠰᠤᠳᠤᠷ ᠤᠨ ᠴᠢᠭᠤᠯᠭᠠᠨ︾ ᠳᠤ ︽ᠭᠠᠯ ᠭᠤᠯᠤᠮᠳᠠ ᠪᠤᠶᠤ ᠡᠵᠡᠨ ᠭᠡᠬᠦ ᠤᠳᠬ᠎ᠠ ᠲᠠᠢ︾ ᠬᠡᠮᠡᠨ ᠳᠠᠶᠢᠯᠪᠤᠷᠢᠯᠡᠵᠦ ᠪᠠᠶᠢᠳᠠᠭ᠃ ᠡᠨᠡᠬᠦ ᠳᠠᠶᠢᠯᠪᠤᠷᠢ ᠳᠤ ᠡᠬᠡ ᠨᠤᠳᠤᠭ᠂ ᠭᠠᠯ ᠭᠤᠯᠤᠮᠳᠠ ᠭᠡᠭᠴᠢ ᠰᠠᠯᠤᠰᠢ ᠦᠭᠡᠢ ᠪᠠᠷᠢᠯᠳᠤᠯᠭ᠎ᠠ ᠲᠠᠢ ᠪᠠᠶᠢᠳᠠᠭ ᠤᠨ ᠤᠳᠬ᠎ᠠ ᠳᠤᠳᠤᠷᠠᠬᠤ ᠠᠭᠠᠳ ᠪᠠᠰᠠ ᠮᠤᠩᠭᠤᠯᠴᠤᠳ ᠭᠠᠯ ᠭᠤᠯᠤᠮᠳᠠ ᠶᠢ ᠳᠡᠭᠡᠳᠦᠯᠡᠨ ᠳᠠᠬᠢᠵᠦ ᠢᠷᠡᠭᠰᠡᠨ ᠤ ᠤᠯᠪᠠᠭ᠎ᠠ ᠴᠠᠭᠠᠨ᠎ᠠ ᠨᠢ ᠴᠤᠬᠤᠯᠵᠠᠬᠤ ᠠᠵᠢ᠃ ᠮᠤᠩᠭᠤᠯᠴᠤᠳ ᠠᠽᠢᠶ᠎ᠠ ᠶᠢᠨ ᠠᠯᠢ ᠴᠦ ᠶᠠᠰᠤᠳᠠᠨ ᠠᠴᠠ ᠤᠨᠴᠠᠭᠠᠢ ᠭᠠᠯ ᠭᠤᠯᠤᠮᠳᠠ ᠪᠠᠨ ᠡᠷᠬᠢᠮᠯᠡᠨ ᠬᠦᠨᠳᠦᠳᠭᠡᠵᠦ ᠳᠠᠬᠢᠭᠰᠠᠭᠠᠷ ᠢᠷᠡᠵᠡᠢ᠃ ᠭᠡᠳᠡᠯ᠎ᠡ ᠶᠠᠭ ᠭᠠᠯ ᠳᠠᠬᠢᠬᠤ ᠶᠤᠰᠤᠨ ᠨᠢ 13 ᠳ᠋ᠤᠭᠠᠷ ᠵᠠᠭᠤᠨ  ᠤ ᠦᠶ᠎ᠡ ᠳᠤ ᠪᠤᠢ ᠪᠤᠯᠵᠠᠢ᠃ ︽ᠶᠤᠸᠠᠨ ᠤᠯᠤᠰ ᠤᠨ ᠳᠡᠦᠭᠡ︾ ᠳᠤ ᠬᠤᠪᠢᠯᠠᠢ ᠬᠠᠭᠠᠨ ︿︿ᠳᠠᠶᠢᠯᠭ᠎ᠠ ᠳᠠᠪᠢᠭ  ᠤᠨ ᠶᠤᠰᠤᠨ ᠢ ᠳᠤᠭᠳᠠᠭᠠᠪᠠᠢ︾ ᠭᠡᠵᠦ ᠬᠡᠳᠦᠨᠳᠡ ᠳᠤᠷᠠᠳᠤᠭᠰᠠᠨ ᠪᠠᠶᠢᠳᠠᠭ᠂ ᠡᠨᠡ ᠬᠦ ᠳᠠᠬᠢᠯᠭ᠎ᠠ ᠳᠠᠪᠢᠭ ᠤᠨ ᠶᠤᠰᠤᠨ ᠳᠤ ᠨᠢ ᠭᠠᠯ ᠳᠠᠬᠢᠯᠭ᠎ᠠ ᠶᠢᠨ ᠶᠤᠰᠤᠨ ᠴᠦ ᠪᠠᠭᠳᠠᠭᠰᠠᠨ ᠪᠠᠶᠢᠬᠤ ᠶᠤᠰᠤᠳᠠᠢ᠃ ᠵᠠᠷᠢᠮ ᠮᠤᠩᠭᠤᠯ ᠪᠢᠴᠢᠭ ᠬᠠᠷ᠎ᠠ ᠳᠤ ᠬᠤᠪᠢᠯᠠᠢ ᠬᠠᠭᠠᠨ ᠠᠴᠠ ᠭᠠᠯ ᠳᠠᠬᠢᠬᠤ ᠶᠤᠰᠤᠨ ᠢ ᠳᠤᠭᠳᠠᠭᠠᠭᠰᠠᠨ ᠳᠤᠬᠠᠢ ᠴᠢᠬᠤᠯᠠ ᠮᠡᠳᠡᠭᠡ ᠪᠠᠶᠢᠳᠠᠭ ᠃ ︽ᠭᠠᠯ ᠤᠨ ᠰᠤᠳᠤᠷ ᠤᠷᠤᠰᠢᠪᠠᠢ︾ ᠳᠤ᠄ ︽ᠰᠡᠴᠡᠨ ᠬᠠᠭᠠᠨ᠂ ᠴᠡᠮᠪᠡᠢ ᠬᠠᠳᠤᠨ ᠬᠤᠶᠠᠷ ᠤᠨ / ᠵᠠᠬᠢᠭᠰᠠᠨ ᠵᠠᠷᠯᠢᠭ ᠵᠢᠮ᠎ᠡ / ᠰᠤᠷᠭᠠᠭᠰᠠᠨ ᠰᠤᠳᠤᠷ ᠪᠦᠯᠦᠭᠡ︾ ᠭᠡᠵᠦ᠂ ︽ᠭᠠᠯ ᠤᠨ ᠳᠠᠬᠢᠯᠭ᠎ᠠ ᠠᠨᠤ︾ ᠭᠡᠬᠦ ᠰᠤᠳᠤᠷ ᠲᠤ᠄ ︽ᠬᠤᠪᠢᠯᠠᠢ ᠰᠡᠴᠡᠨ ᠬᠠᠭᠠᠨ ᠤ ᠵᠠᠷᠯᠢᠭ ᠢᠶᠠᠷ / ᠬᠤᠳᠠᠯᠠ ᠪᠦᠬᠦᠳᠡ ᠶᠢᠨ ᠶᠤᠰᠤᠨ ᠪᠤᠯᠤᠭᠰᠠᠨ / ᠭᠠᠩ ᠳᠤᠯᠭ᠎ᠠ  ᠪᠠᠨ ᠮᠢᠯᠢᠶᠠᠵᠦ / ᠭᠠᠯ ᠭᠤᠯᠤᠮᠳᠠ ᠪᠠᠨ ᠳᠠᠬᠢᠬᠤ ᠁︾ ᠭᠡᠵᠦ ᠳᠡᠮᠳᠡᠭᠯᠡᠵᠦ ᠪᠤᠢ᠃ ᠮᠤᠩᠭᠤᠯᠴᠤᠳ ᠤᠨ ᠡᠷᠳᠡᠨ ᠤ ᠰᠢᠳᠦᠵᠦ ᠪᠠᠶᠢᠭᠰᠠᠨ ᠭᠠᠯ ᠤᠨ ᠪᠤᠷᠬᠠᠨ ᠪᠤᠯ ᠮᠤᠩᠭᠤᠯ ᠪᠦᠭᠡ ᠨᠠᠷ ᠤᠨ ᠰᠡᠳᠬᠢᠨ ᠪᠢᠰᠢᠯᠭᠠᠭᠰᠠᠨ ︽ᠤᠳᠬᠤᠨ ᠳᠡᠭᠷᠢ︾ ᠪᠤᠯᠤᠨ᠎ᠠ᠃ ᠭᠠᠯ ᠤᠨ ᠰᠤᠳᠤᠷ ᠲᠤ ᠭᠠᠷᠳᠠᠭ ︽ᠤᠳᠬᠤᠨ ᠭᠠᠯᠠᠶᠢᠬᠠᠨ ᠡᠬᠡ︾ ᠭᠡᠰᠡᠨ ᠨᠢ ᠪᠠᠯᠠᠷ ᠡᠷᠳᠡᠨ ᠤ ᠡᠬᠡᠴᠢᠯᠡᠯ ᠤᠨ ᠤᠪᠤᠭ ᠳᠦᠷᠦᠯ ᠤᠨ ᠨᠡᠶᠢᠭᠡᠮ ᠤᠨ ᠦᠶ᠎ᠡ ᠶᠢᠨ ᠤᠶᠢᠯᠠᠭᠠᠭᠳᠠᠬᠤᠨ ᠤ ᠤᠯᠠᠮᠵᠢᠯᠠᠯ ᠪᠤᠯᠬᠤ ᠶᠤᠮ᠃ ᠭᠠᠯ ᠤᠨ ᠰᠤᠳᠤᠷ ᠲᠤ ᠭᠠᠷᠳᠠᠭ ︽ᠤᠳ᠋︾ ᠭᠡᠰᠡᠨ ᠦᠭᠡ ᠶᠢ ᠡᠷᠳᠡᠮᠳᠡᠳ ᠲᠦᠷᠺ ᠭᠠᠷᠤᠯ ᠲᠠᠢ ᠭᠠᠯ ᠭᠡᠰᠡᠨ ᠦᠭᠡ ᠬᠡᠵᠡᠢ᠃ ︽ᠤᠳ᠋ ᠪᠠ ᠭᠠᠯ︾ ᠭᠡᠰᠡᠨ ᠦᠭᠡ ᠶᠢᠨ ᠳᠤᠤᠷ᠎ᠠ ︽‍ᠬᠠᠨ︾ ᠳᠠᠭᠠᠪᠤᠷᠢ ᠵᠠᠯᠭᠠᠵᠦ ︽ᠤᠳᠬᠤᠨ ᠭᠠᠯᠠᠶᠢᠬᠠᠨ︾ ᠭᠡᠬᠦ ᠦᠭᠡ ᠪᠦᠳᠦᠭᠡᠵᠦ᠂ ᠭᠠᠯ ᠢ ᠡᠮ᠎ᠡ ᠬᠦᠢᠰᠦᠳᠡᠨ ᠪᠠ ᠡᠬᠡ ᠶᠢᠨ ᠪᠦᠷᠢᠯᠸ᠎ᠠ ᠪᠤᠯᠭᠠᠨ ᠠᠮᠢ ᠨᠠᠰᠤ᠂ ᠲᠦᠷᠦᠬᠦ ᠡᠰᠨᠢᠬᠦ ᠶᠢᠨ ᠡᠬᠢ ᠡᠬᠦᠰᠦᠯ ᠢᠶᠠᠷ ᠦᠵᠡᠵᠦ ᠪᠠᠶᠢᠵᠠᠢ᠃ ᠭᠠᠯ ᠳᠠᠬᠢᠯᠭ᠎ᠠ ᠳᠤ ᠠᠶᠢᠯ ᠡᠷᠦᠭᠡ ᠶᠢᠨ ᠳᠠᠬᠢᠯᠭ᠎ᠠ᠂ ᠠᠯᠪᠠᠨ ᠤ ᠳᠠᠬᠢᠯᠭ᠎ᠠ᠂ ᠰᠦᠮ᠎ᠡ ᠬᠡᠶᠢᠳ ᠤᠨ ᠳᠠᠬᠢᠯᠭ᠎ᠠ ᠭᠡᠬᠦ ᠭᠤᠷᠪᠠᠨ ᠵᠤᠶᠢᠯ ᠪᠠᠶᠢᠳᠠᠭ᠃ ᠴᠠᠭ ᠬᠤᠭᠤᠴᠠᠭ᠎ᠠ ᠬᠢᠭᠡᠳ ᠳᠠᠬᠢᠯᠭ᠎ᠠ ᠬᠢᠬᠦ ᠬᠡᠪᠴᠢᠶ᠎ᠡ ᠪᠠᠷ ᠨᠢ ᠡᠩ ᠤᠨ ᠳᠠᠬᠢᠯᠭ᠎ᠠ᠂ ᠰᠠᠷ᠎ᠠ ᠶᠢᠨ ᠳᠠᠬᠢᠯᠭ᠎ᠠ᠂ ᠤᠯᠠᠷᠢᠯ ᠤᠨ ᠳᠠᠬᠢᠯᠭ᠎ᠠ᠂ ᠶᠡᠭᠡ ᠳᠠᠬᠢᠯᠭ᠎ᠠ ᠭᠡᠵᠦ ᠬᠡᠳᠦᠨ ᠲᠦᠷᠦᠯ ᠬᠤᠪᠢᠶᠠᠳᠠᠭ᠃ ᠠᠶᠢᠯ ᠡᠷᠦᠭᠡ ᠶᠢᠨ ᠳᠠᠬᠢᠯᠭ᠎ᠠ ᠳᠤ ᠪᠠᠰᠠ ᠳᠠᠶᠢᠵᠢ ᠨᠠᠷ ᠤᠨ ᠳᠠᠬᠢᠯᠭ᠎ᠠ᠂ ᠬᠠᠷᠠᠴᠦ ᠠᠶᠢᠯ ᠤᠨ ᠳᠠᠬᠢᠯᠭ᠎ᠠ ᠭᠡᠵᠦ ᠬᠤᠶᠠᠷ ᠬᠤᠪᠢᠶᠠᠳᠠᠭ᠃ ᠳᠠᠶᠢᠵᠢ ᠶᠢᠨ ᠭᠠᠯ ᠳᠠᠬᠢᠯᠭ᠎ᠠ ᠭᠡᠳᠡᠭ ᠨᠢ ᠴᠢᠩᠬᠢᠰ ᠤᠨ ᠠᠯᠳᠠᠨ ᠤᠷᠤᠭ ᠤᠨ ᠤᠳᠤᠮ ᠪᠤᠯᠬᠤ ᠪᠤᠷᠵᠢᠬᠢᠨ ᠤᠪᠤᠭᠳᠠᠨ ᠤ ᠠᠶᠢᠯ ᠤᠨ ᠭᠠᠯ ᠳᠠᠬᠢᠯᠭ᠎ᠠ ᠶᠢ ᠵᠢᠭᠠᠵᠦ᠂ ᠬᠠᠷᠠᠴᠤ ᠠᠶᠢᠯ ᠤᠨ ᠳᠠᠬᠢᠯᠭ᠎ᠠ ᠨᠢ ᠪᠤᠷᠵᠢᠬᠢᠨ ᠤᠪᠤᠭᠳᠠᠨ ᠠᠴᠠ ᠪᠤᠰᠤᠳ ᠮᠤᠩᠭᠤᠯ ᠤᠨ ᠡᠯ᠎ᠡ ᠤᠪᠤᠭ ᠤᠨ ᠠᠶᠢᠯ ᠡᠷᠦᠭᠡ ᠶᠢᠨ ᠳᠠᠬᠢᠯᠭ᠎ᠠ ᠶᠢ ᠬᠡᠯᠡᠵᠦ ᠪᠤᠢ᠃ ᠠᠯᠪᠠᠨ ᠤ ᠳᠠᠬᠢᠯᠭ᠎ᠠ ᠭᠡᠳᠡᠭ ᠨᠢ ᠭᠠᠯ ᠳᠠᠬᠢᠬᠤ ᠪᠦᠬᠦᠶᠢᠯᠡ ᠦᠢᠯᠡ ᠶᠢ ᠲᠦᠷᠦ ᠠᠴᠠ ᠪᠡᠯᠡᠳᠭᠡᠵᠦ ᠳᠠᠬᠢᠳᠠᠭ ᠳᠠᠬᠢᠯᠭ᠎ᠠ ᠶᠢ ᠬᠡᠯᠡᠳᠡᠭ᠃ ᠪᠠᠰᠠ ᠲᠦᠷᠦ ᠶᠢᠨ ᠭᠠᠯ ᠳᠠᠬᠢᠯᠭ᠎ᠠ ᠴᠦ ᠭᠡᠳᠡᠭ᠃ ᠮᠤᠩᠭᠤᠯ ᠬᠠᠭᠠᠨᠳᠤ ᠲᠦᠷᠦ ᠶᠢᠨ ᠦᠶ᠎ᠡ ᠳᠤ ᠳᠤᠭᠳᠠᠭᠠᠵᠦ ᠬᠡᠳᠦᠨ ᠵᠠᠭᠤᠨ ᠤᠨ ᠢᠶᠠᠷ ᠤᠯᠠᠮᠵᠢᠯᠠᠵᠦ ᠢᠷᠡᠭᠰᠡᠨ ᠴᠢᠩᠬᠢᠰ ᠤᠨ ᠨᠠᠢᠮᠠᠨ ᠴᠠᠭᠠᠨ ᠤᠷᠳᠤᠨ ᠤ ᠭᠤᠯᠤᠮᠳᠠ ᠶᠢᠨ ᠳᠠᠬᠢᠯᠭ᠎ᠠ᠂ ᠪᠦᠭᠡ ᠪᠡᠯᠬᠦᠳᠡᠢ᠂ ᠬᠠᠪᠤᠳᠤ ᠬᠠᠰᠠᠷ᠂ ᠦᠭᠡᠳᠡᠢ᠂ ᠳᠤᠯᠤᠢ᠂ ᠡᠰᠢ ᠬᠠᠳᠤᠨ ᠤ ᠭᠤᠯᠤᠮᠳᠠ ᠶᠢᠨ ᠳᠠᠬᠢᠯᠭ᠎ᠠ ᠵᠡᠷᠭᠡ ᠪᠠᠭᠳᠠᠨ᠎ᠠ᠃ ᠳᠠᠬᠢᠯᠭ᠎ᠠ ᠳᠠᠪᠢᠭ ᠤᠨ ᠬᠢᠨᠢ ᠶᠤᠰᠤ ᠶᠢ ᠮᠤᠩᠭᠤᠯ ᠬᠠᠭᠠᠨ ᠤ ᠵᠠᠷᠯᠢᠭ ᠢᠶᠠᠷ ᠳᠤᠭᠳᠠᠭᠠᠵᠦ᠂ ᠳᠠᠬᠢᠯᠭ᠎ᠠ ᠳᠤ ᠤᠩᠰᠢᠬᠤ ᠦᠴᠢᠭ ᠢᠷᠦᠭᠡᠯ ᠨᠢ ᠴᠦ ᠳᠤᠰ ᠳᠤᠰ ︽ᠠᠯᠳᠠᠨ ᠤᠷᠳᠤᠨ ᠤ ᠭᠤᠯᠤᠮᠳᠠ ᠶᠢᠨ ᠦᠴᠢᠭ︾᠂ ︽ᠡᠰᠢ ᠬᠠᠳᠤᠨ ᠤ ᠭᠤᠯᠤᠮᠳᠠ ᠶᠢᠨ ᠦᠴᠢᠭ︾᠂ ︽ᠪᠦᠭᠡ ᠪᠡᠯᠬᠦᠳᠡᠢ ᠶᠢᠨ ᠭᠤᠯᠤᠮᠳᠠ ᠶᠢᠨ ᠦᠴᠢᠭ︾ ᠭᠡᠬᠦ ᠮᠡᠳᠦ ᠶᠢᠨ ᠰᠤᠳᠤᠷ ᠪᠢᠴᠢᠭ ᠲᠠᠢ ᠪᠦᠭᠡᠳ ︽ᠭᠤᠯᠤᠮᠳᠠ ᠳᠦᠭᠡᠨᠡᠬᠦ ᠳᠠᠷᠤᠮᠵᠢ ︵ᠳᠡᠰ ᠳᠠᠷᠠᠭ᠎ᠠ︶︾ ᠭᠡᠬᠦ ᠰᠤᠳᠤᠷ ᠲᠠᠢ᠂ ᠪᠠᠰᠠ ᠳᠠᠬᠢᠯᠭ᠎ᠠ ᠳᠠᠪᠢᠭ ᠦᠢᠯᠡᠳᠦᠭᠴᠢ ᠳᠤᠰᠬᠠᠢ ᠠᠯᠪᠠᠳᠤ ᠲᠠᠢ ᠪᠠᠶᠢᠵᠠᠢ᠃ ᠴᠢᠩᠬᠢᠰ᠂ ᠪᠦᠭᠡ ᠪᠡᠯᠬᠦᠳᠡᠢ᠂ ᠦᠭᠡᠳᠡᠢ᠂ ᠳᠤᠯᠤᠢ ᠨᠠᠷ ᠤᠨ ᠭᠠᠯ ᠭᠤᠯᠤᠮᠳᠠ ᠶᠢᠨ ᠳᠠᠬᠢᠯᠭ᠎ᠠ ᠨᠢ ᠮᠤᠩᠭᠤᠯ ᠲᠦᠷᠦ ᠠᠴᠠ ᠳᠤᠭᠳᠠᠭᠠᠭᠰᠠᠨ ᠨᠡᠶᠢᠳᠡ ᠮᠤᠩᠭᠤᠯ ᠤᠨ ᠳᠠᠬᠢᠯᠭ᠎ᠠ ᠳᠤᠯᠠ ᠮᠤᠩᠭᠤᠯ ᠰᠤᠷᠪᠤᠯᠵᠢ ᠪᠢᠴᠢᠭ ᠲᠤ ︽ᠶᠡᠷᠦᠩᠭᠡᠢ ᠶᠢᠨ ᠰᠢᠳᠦᠭᠡᠨ︾ ᠭᠡᠵᠦ ᠤᠨᠤᠭᠠᠵᠦ ᠨᠡᠷᠡᠶᠢᠳᠴᠠᠢ᠃ ᠳᠡᠶᠢᠮᠦ ᠠᠴᠠ ᠭᠠᠭᠴᠠ ᠠᠯᠳᠠᠨ ᠤᠷᠤᠭᠳᠠᠨ ᠤ ᠳᠠᠬᠢᠯᠭ᠎ᠠ ᠭᠡᠵᠦ ᠠᠳᠡᠬᠦᠦ ᠤᠶᠢᠯᠠᠭᠠᠵᠦ ᠦᠯᠦ ᠪᠤᠯᠤᠨ᠎ᠠ᠃ ᠴᠢᠩ ᠤᠯᠤᠰ ᠤᠨ ᠦᠶ᠎ᠡ ᠠᠴᠠ ᠠᠪᠤᠭᠠᠳ ᠳᠤᠰ ᠵᠠᠭᠤᠨ ᠤ ᠳᠠᠪᠢᠭᠠᠳ ᠤᠨ ᠪᠤᠯᠳᠠᠯ᠎ᠠ ᠶᠡᠭᠡ ᠵᠤᠤ᠂ ᠰᠢᠯᠢ ᠶᠢᠨ ᠭᠤᠤᠯ᠂ ᠤᠯᠠᠭᠠᠨᠴᠠᠪ ᠤᠨ ᠤᠯᠠᠨ ᠬᠤᠰᠢᠭᠤᠳ ᠪᠦᠷ ︽ᠬᠤᠰᠢᠭᠤ ᠶᠠᠮᠤᠨ ᠤ ᠭᠠᠯ ᠳᠠᠬᠢᠵᠦ︾ ᠪᠠᠶᠢᠭᠰᠠᠨ ᠪᠦᠭᠡᠳ ᠬᠦᠭᠡᠴᠢ ᠂ ᠵᠤᠯᠠᠴᠢ᠂ ᠵᠠᠳᠴᠢᠨ ᠭᠠᠯᠴᠢ ᠮᠡᠳᠦ ᠶᠢᠨ ᠴᠤᠯᠠ ᠲᠠᠢ ᠶᠠᠮᠤᠨ ᠤ ᠭᠠᠯ ᠳᠠᠬᠢᠳᠠᠭ ᠳᠤᠰᠬᠠᠢ ᠠᠵᠢᠯ ᠳᠤᠰᠢᠶᠠᠯᠳᠠᠨ  ᠢᠶᠠᠷ ᠭᠠᠯ ᠳᠠᠬᠢᠭᠤᠯᠵᠦ ᠪᠠᠶᠢᠵᠠᠢ᠃ ᠰᠦᠮ᠎ᠡ ᠬᠡᠶᠢᠳ ᠤᠨ ᠳᠠᠬᠢᠯᠭ᠎ᠠ ᠭᠡᠳᠡᠭ ᠨᠢ ᠯᠠᠮᠠ ᠨᠠᠷ ᠳᠤᠭᠠᠩ ᠷᠠᠰᠠᠩ ᠳᠠᠭᠠᠨ ᠬᠤᠷᠠᠯ ᠬᠤᠷᠠᠵᠦ ᠳᠠᠬᠢᠳᠠᠭ ᠭᠠᠯ  ᠤᠨ ᠳᠠᠬᠢᠯᠭ᠎ᠠ᠃ ᠲᠦᠪᠡᠳ ᠤᠨ ᠰᠦᠮ᠎ᠡ ᠬᠡᠶᠢᠳ ᠲᠤ ᠭᠠᠯ ᠳᠠᠬᠢᠳᠠᠭ ᠵᠠᠩᠰᠢᠯ ᠦᠭᠡᠢ᠂ ᠬᠠᠷᠢᠨ ᠮᠤᠩᠭᠤᠯ ᠰᠦᠮ᠎ᠡ ᠬᠡᠶᠢᠳ ᠲᠤ ᠯᠡ ᠭᠠᠯ ᠳᠠᠬᠢᠳᠠᠭ᠃ ᠡᠩ ᠤᠨ ᠭᠠᠯ ᠳᠠᠬᠢᠯᠭ᠎ᠠ ᠭᠡᠳᠡᠭ ᠨᠢ ᠶᠡᠷᠦ ᠶᠢᠨ ᠴᠠᠭ ᠲᠤ ᠡᠳᠦᠷ ᠳᠤᠳᠤᠮ ᠤᠨ ᠢᠳᠡᠭᠡᠨ ᠤᠮᠳᠠᠭᠠᠨ ᠤ ᠳᠡᠭᠡᠵᠢ  ᠪᠠᠨ ᠭᠠᠯ ᠳᠠᠭᠠᠨ ᠡᠷᠬᠦᠬᠦ᠂ ᠤᠷᠤᠭ ᠬᠤᠷᠢᠮ ᠳᠡᠭᠡᠷ᠎ᠡ ᠭᠠᠯ ᠭᠤᠯᠤᠮᠳᠠ ᠳᠠᠭᠠᠨ ᠮᠦᠷᠬᠦᠬᠦ ᠪᠤᠶᠤ ᠬᠡᠦᠭᠡᠳ ᠦᠷᠡᠴᠢᠯᠡᠬᠦ᠂ ᠬᠡᠦᠭᠡᠳ ᠲᠠᠢ ᠪᠤᠯᠬᠤ᠂ ᠠᠶᠠᠨ ᠵᠢᠩ ᠳᠤ ᠶᠠᠪᠤᠬᠤ᠂ ᠴᠡᠷᠢᠭ ᠳᠠᠶᠢᠨ ᠳᠤ ᠮᠤᠷᠳᠠᠬᠤ᠂ ᠳᠡᠭᠡᠷᠡᠮ ᠬᠤᠯᠠᠭᠠᠢ ᠠᠷᠪᠢᠳᠬᠤ᠂ ᠭᠠᠩ ᠭᠠᠮᠰᠢᠭ ᠪᠤᠯᠬᠤ᠂ ᠡᠪᠡᠳᠴᠢᠨ ᠬᠢᠵᠢᠭ ᠳᠡᠯᠭᠡᠷᠡᠬᠦ᠂ ᠴᠢᠨ᠋ᠸ᠎ᠠ ᠨᠤᠬᠠᠢ ᠳᠤᠭᠰᠢᠷᠠᠬᠤ ᠵᠡᠷᠭᠡ ᠡᠯᠳᠡᠪ ᠤᠴᠢᠷ ᠲᠤ ᠭᠠᠯ ᠭᠤᠯᠤᠮᠳᠠ ᠪᠠᠨ ᠳᠡᠭᠢᠵᠦ ᠠᠪᠤᠷᠠᠯ ᠳᠠᠭᠠᠳᠬᠠᠯ ᠭᠤᠶᠤᠬᠤ ᠵᠠᠩ ᠦᠢᠯᠡ ᠶᠢ ᠬᠡᠯᠡᠨ᠎ᠡ ᠃ ᠡᠬᠦᠨ ᠢ ᠪᠠᠰᠠ ᠡᠳᠦᠷ ᠤᠨ ᠳᠠᠬᠢᠯᠭ᠎ᠠ ᠴᠦ ᠭᠡᠳᠡᠭ᠃ ᠰᠠᠷ᠎ᠠ ᠶᠢᠨ ᠭᠠᠯ ᠳᠠᠬᠢᠯᠭ᠎ᠠ ᠭᠡᠳᠡᠭ ᠨᠢ ᠰᠠᠷ᠎ᠠ ᠪᠦᠷᠢ ᠶᠢᠨ ᠰᠢᠨ᠎ᠡ ᠶᠢᠨ ᠨᠢᠭᠡᠨ᠂ ᠰᠢᠨ᠎ᠡ ᠶᠢᠨ ᠭᠤᠷᠪᠠᠨ ᠳᠤ ︽ᠭᠤᠯᠤᠮᠳᠠ ᠳᠦᠭᠡᠨᠡᠵᠦ︾ ︵ᠭᠤᠯᠤᠮᠳᠠ ᠳᠦᠭᠡᠨᠡᠬᠦ ᠭᠡᠳᠡᠭ ᠨᠢ ︽ᠠᠯᠳᠠᠨ ᠤᠷᠳᠤᠨ ᠤ ᠭᠤᠯᠤᠮᠳᠠ ᠶᠢᠨ ᠪᠠᠭ᠎ᠠ ᠦᠴᠢᠭ︾ ᠢ ᠳᠠᠭᠤᠳᠠᠨ ᠳᠡᠬᠦᠰᠬᠦ ᠳᠤ ᠳᠤᠤᠯᠢ ᠶᠠᠮᠤᠳᠤ ᠠᠴᠠ ᠮᠤᠳᠤᠨ ᠳᠤ ᠬᠠᠳᠬᠤᠭᠰᠠᠨ ᠰᠡᠬᠦᠯ ᠢᠶᠠᠷ ᠳᠤᠯᠭᠠᠨ ᠤᠴᠤᠭ ᠢ ᠳᠦᠭᠡᠨᠡᠬᠦ ᠶᠢ ᠬᠡᠯᠡᠨ᠎ᠡ︶ ᠭᠠᠯ ᠢᠶᠠᠨ ᠳᠠᠬᠢᠳᠠᠭ ᠵᠠᠩᠰᠢᠯ᠃ ᠵᠤᠩᠬᠢᠯᠠᠬᠤ ᠮᠤᠩᠭᠤᠯᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠭᠤᠯᠤᠮᠳᠠ ᠳᠠᠭᠠᠨ ᠢᠳᠡᠭᠡᠨ ᠤ ᠳᠡᠭᠡᠵᠢ ᠡᠷᠬᠦᠨ ᠭᠠᠯ ᠢᠶᠠᠨ ᠳᠠᠬᠢᠳᠠᠭ᠃ ᠤᠯᠠᠷᠢᠯ ᠤᠨ ᠭᠠᠯ ᠳᠠᠬᠢᠯᠭ᠎ᠠ ᠭᠡᠳᠡᠭ ᠨᠢ ᠲᠦᠷᠪᠡᠨ ᠤᠯᠠᠷᠢᠯ ᠳᠤ ᠳᠤᠬᠢᠶᠠᠯᠳᠤᠭᠤᠯᠤᠨ ᠭᠠᠯ ᠳᠠᠬᠢᠳᠠᠭ ᠵᠠᠩ ᠦᠢᠯᠡ ᠃ ᠡᠬᠦᠨ ᠳᠤ ᠭᠤᠤᠯᠳᠠᠭᠤ ᠴᠢᠩᠬᠢᠰ ᠤᠨ ᠨᠠᠢᠮᠠᠨ ᠴᠠᠭᠠᠨ ᠤᠷᠳᠤᠨ ᠤ ᠬᠠᠪᠤᠷ ᠤᠨ ᠤᠯᠠᠷᠢᠯ ᠤᠨ ᠴᠠᠭᠠᠨ ᠰᠦᠷᠦᠭ ᠤᠨ ᠳᠠᠬᠢᠯᠭ᠎ᠠ᠂ ᠵᠤᠨ ᠤ ᠤᠯᠠᠷᠢᠯ ᠤᠨ ᠨᠠᠭᠤᠷ ᠤᠨ ᠳᠠᠬᠢᠯᠭ᠎ᠠ᠂ ᠨᠠᠮᠤᠷ ᠤᠨ ᠤᠯᠠᠷᠢᠯ ᠤᠨ ᠰᠡᠷᠭᠡ ᠶᠢᠨ ᠳᠠᠬᠢᠯᠭ᠎ᠠ᠂ ᠡᠪᠦᠯ ᠤᠨ ᠤᠯᠠᠷᠢᠯ ᠤᠨ ᠳᠡᠰᠡᠮᠡᠨ ᠳᠠᠬᠢᠯᠭ᠎ᠠ ᠵᠡᠷᠭᠡ ᠨᠠᠢᠮᠠᠨ ᠴᠠᠭᠠᠨ ᠤᠷᠳᠤᠨ ᠳᠤ ᠭᠠᠯ ᠳᠠᠬᠢᠳᠠᠭ ᠵᠠᠩᠰᠢᠯ ᠪᠠᠭᠳᠠᠭᠳᠠᠨ᠎ᠠ᠃ ᠶᠡᠭᠡ ᠭᠠᠯ ᠳᠠᠬᠢᠯᠭ᠎ᠠ ᠪᠢᠯᠢᠭ ᠤᠨ ᠤᠯᠠᠷᠢᠯ ᠤᠨ ᠡᠪᠦᠯ ᠤᠨ ᠰᠡᠬᠦᠯ ᠰᠠᠷ᠎ᠠ ᠶᠢᠨ ᠬᠤᠷᠢᠨ ᠭᠤᠷᠪᠠᠨ ︵ᠬᠤᠷᠢᠨ ᠳᠦᠷᠪᠡᠨ︶ ᠤ ᠭᠠᠯ ᠤᠨ ᠳᠠᠬᠢᠯᠭ᠎ᠠ᠃ ᠡᠬᠦᠨ ᠢ ᠪᠠᠰᠠ ᠤᠨ ᠤ ᠭᠠᠯ ᠳᠠᠬᠢᠯᠭ᠎ᠠ᠂ ᠡᠪᠦᠯ ᠤᠨ ᠭᠠᠯ ᠳᠠᠬᠢᠯᠭ᠎ᠠ ᠭᠡᠳᠡᠭ ᠃ ᠮᠤᠩᠭᠤᠯ ᠳᠠᠶᠠᠭᠠᠷ ᠪᠢᠯᠢᠭ ᠤᠨ ᠤᠯᠠᠷᠢᠯ ᠤᠨ ᠡᠪᠦᠯ ᠤᠨ ᠰᠡᠬᠦᠯ ᠰᠠᠷ᠎ᠠ ᠶᠢᠨ ᠬᠤᠷᠢᠳ ᠠᠴᠠ ᠬᠤᠶᠢᠰᠢ ᠭᠠᠯ ᠳᠠᠬᠢᠳᠠᠭ᠃ ᠡᠨᠡ ᠤᠳᠠᠭᠠᠨ ᠤ ᠳᠠᠬᠢᠯᠭ᠎ᠠ ᠨᠢ ᠨᠡᠶᠢᠳᠡᠮ ᠤᠨ ᠴᠢᠨᠠᠷ ᠲᠠᠢ ᠪᠠᠶᠢᠵᠦ ᠬᠦᠢᠴᠡᠳᠭᠡᠬᠦ ᠵᠠᠩ ᠦᠢᠯᠡ ᠨᠢ ᠠᠷᠪᠢᠨ ᠳᠤᠯᠠ ᠶᠡᠭᠡ ᠳᠠᠬᠢᠯᠭ᠎ᠠ ᠭᠡᠳᠡᠭ᠃ ᠪᠢᠯᠢᠭ ᠤᠨ ᠤᠯᠠᠷᠢᠯ ᠤᠨ ᠡᠪᠦᠯ ᠤᠨ ᠰᠡᠬᠦᠯ ᠰᠠᠷ᠎ᠠ ᠶᠢ ᠪᠠᠰᠠ ᠬᠦᠭᠡᠭᠡ ᠰᠠᠷ᠎ᠠ᠂ ᠦᠭᠡᠯᠵᠢᠨ ᠰᠠᠷ᠎ᠠ᠂ ᠯᠠ ᠰᠠᠷ᠎ᠠ ᠭᠡᠳᠡᠭ᠃ ᠮᠤᠩᠭᠤᠯᠴᠤᠳ ᠤᠨ ᠤᠯᠠᠩᠬᠢ ᠨᠢ ᠳᠤᠰ ᠰᠠᠷ᠎ᠠ ᠶᠢᠨ ᠬᠤᠷᠢᠨ ᠭᠤᠷᠪᠠᠨ᠂ ᠬᠤᠷᠢᠨ ᠲᠦᠷᠪᠡᠨ ᠳᠤ ᠳᠠᠬᠢᠳᠠᠭ᠃ ᠪᠠᠷᠭᠤ ᠶᠢᠨ ᠵᠠᠷᠢᠮ ᠨᠤᠳᠤᠭ ᠤᠨ ᠬᠢᠨ ᠬᠤᠷᠢᠨ ᠵᠢᠷᠭᠤᠭᠠᠨ ᠳᠤ ᠳᠠᠬᠢᠳᠠᠭ᠃ ᠤᠩᠭᠤᠳ ᠳᠠᠬᠢᠵᠦ ᠪᠠᠶᠢᠭᠰᠠᠨ ᠬᠦᠪᠡᠭᠡᠳᠦ ᠰᠢᠷ᠎ᠡ ᠶᠢᠨ ᠶᠢᠰᠦ ᠶᠢᠨ ᠰᠤᠮᠤᠨ ᠤ ᠵᠠᠷᠢᠮ ᠠᠶᠢᠯ᠂ ᠠᠪᠠᠭ᠎ᠠ ᠶᠢᠨ ᠡᠹᠦ᠋ ᠶᠢᠨ ᠬᠠᠯᠬ᠎ᠠ ᠠᠶᠢᠯ᠂ ᠬᠦᠬᠡᠨᠠᠭᠤᠷ ᠤᠨ ᠳᠡᠭᠡᠳᠦ ᠮᠤᠩᠭᠤᠯ ᠤᠨ ᠵᠠᠷᠢᠮ ᠬᠤᠰᠢᠭᠤᠳ ᠡᠪᠦᠯ ᠤᠨ ᠰᠡᠬᠦᠯ ᠰᠠᠷ᠎ᠠ ᠶᠢᠨ ᠪᠢᠳᠡᠬᠦᠨ ᠳᠤ ᠭᠠᠯ ᠢᠶᠠᠨ ᠳᠠᠬᠢᠳᠠᠭ᠃ ᠲᠡᠶᠢᠮᠦ ᠠᠴᠠ ᠡᠨᠡ ᠰᠠᠷ᠎ᠠ ᠶᠢᠨ ᠬᠤᠷᠢᠳ ᠢ ᠪᠠᠰᠠ ᠭᠠᠯ ᠤᠨ ᠬᠤᠷᠢᠳ ᠭᠡᠵᠦ ᠬᠡᠯᠡᠳᠡᠭ ᠪᠢᠯᠡ᠃ ︽ᠮᠤᠩᠭᠤᠯ ᠤᠨ ᠨᠢᠭᠤᠴᠠ ᠳᠤᠪᠴᠢᠶᠠᠨ︾ ᠵᠡᠷᠭᠡ ᠰᠤᠷᠪᠤᠯᠵᠢ ᠪᠢᠴᠢᠭ ᠤᠳ ᠠᠴᠠ ᠬᠠᠶᠢᠬᠤ ᠳᠤ 13 ᠳ᠋ᠤᠭᠠᠷ ᠵᠠᠭᠤᠨ ᠤ ᠳᠤᠮᠳᠠᠴᠢ ᠦᠶ᠎ᠡ ᠪᠤᠯᠳᠠᠯ᠎ᠠ ᠭᠠᠯ ᠳᠠᠬᠢᠬᠤ ᠳᠤᠭᠳᠠᠭᠰᠠᠨ ᠰᠠᠷ᠎ᠠ ᠡᠳᠦᠷ ᠪᠠᠶᠢᠭᠰᠠᠨ ᠦᠭᠡᠢ᠃ ᠳᠡᠷᠡ ᠦᠶ᠎ᠡ ᠳᠤ ᠭᠤᠤᠯᠳᠠᠭᠤ ᠪᠠᠶᠠᠷ ᠨᠠᠶᠢᠷ ᠲᠤ ᠳᠤᠬᠢᠶᠠᠯᠳᠤᠭᠤᠯᠤᠨ ᠭᠠᠯ ᠭᠤᠯᠤᠮᠳᠠ ᠳᠠᠭᠠᠨ ᠶᠡᠭᠡ ᠰᠢᠭ ᠳᠠᠬᠢᠯᠭ᠎ᠠ ᠡᠷᠬᠦᠵᠦ ᠪᠠᠶᠢᠵᠠᠢ᠃ ᠤᠯᠠᠮᠵᠢᠯᠠᠯ ᠶᠠᠷᠢᠶᠠᠨ ᠳᠤ ᠴᠢᠩᠬᠢᠰ ᠬᠠᠭᠠᠨ ᠳᠠᠶᠢᠨ ᠳᠤ ᠮᠤᠷᠳᠠᠭᠠᠳ ᠪᠤᠴᠠᠬᠤ ᠦᠶ᠎ᠡ ᠳᠤ ᠤᠷᠢᠳᠠᠵᠦ ᠢᠷᠡᠭᠰᠡᠳ ᠨᠢ ᠬᠤᠷᠢᠨ ᠭᠤᠷᠪᠠᠨ ᠳᠤ ᠭᠠᠯ ᠢᠶᠠᠨ ᠳᠠᠬᠢᠵᠦ᠂ ᠡᠳᠦᠷ ᠢᠶᠠᠨ ᠠᠳᠡᠬᠦᠷᠡᠵᠦ ᠢᠷᠡᠭᠰᠡᠳ ᠨᠢ ᠬᠤᠷᠢᠨ ᠲᠦᠷᠪᠡᠨ ᠳᠤ ᠭᠠᠯ ᠢᠶᠠᠨ ᠳᠠᠬᠢᠳᠠᠭ ᠭᠡᠰᠡᠨ ᠬᠡᠯᠡᠯᠭᠡ ᠪᠠᠶᠢᠳᠠᠭ᠃ ᠤᠯᠠᠮᠵᠢᠯᠠᠯ ᠶᠠᠷᠢᠶᠠᠨ ᠳᠤ ᠪᠠᠰᠠ ᠬᠠᠷᠠᠴᠤ ᠠᠶᠢᠯ ᠨᠢ ᠬᠤᠷᠢᠨ ᠭᠤᠷᠪᠠᠨ ᠳᠤ᠂ ᠳᠠᠶᠢᠵᠢ ᠨᠠᠷ ᠨᠢ ᠬᠤᠷᠢᠨ ᠲᠦᠷᠪᠡᠨ ᠳᠤ ᠭᠠᠯ ᠳᠠᠬᠢᠳᠠᠭ ᠭᠡᠳᠡᠭ᠃ ᠶᠤᠸᠠᠨ ᠤᠯᠤᠰ ᠤᠨ ᠦᠶ᠎ᠡ ᠳᠤ ᠴᠢᠩᠬᠢᠰ ᠤᠨ ᠠᠯᠳᠠᠨ ᠤᠷᠤᠭᠳᠠᠨ ᠢ ︽ᠳᠠᠶᠢᠵᠢ︾ ᠭᠡᠬᠦ ᠪᠤᠯᠤᠭᠰᠠᠨ ᠳᠤᠯᠠ ᠬᠤᠷᠢᠨ ᠭᠤᠷᠪᠠᠨ ᠪᠠ ᠬᠤᠷᠢᠨ ᠲᠦᠷᠪᠡᠨ ᠳᠤ ᠭᠠᠯ ᠳᠠᠬᠢᠬᠤ ᠶᠤᠰᠤ ᠨᠢ ᠶᠤᠸᠠᠨ ᠤᠯᠤᠰ ᠤᠨ ᠦᠶ᠎ᠡ ᠠᠴᠠ ᠨᠠᠰᠢ ᠪᠤᠢ ᠪᠤᠯᠤᠭᠰᠠᠨ ᠪᠠᠶᠢᠨ᠎ᠠ᠃ ᠮᠤᠩᠭᠤᠯ ᠤᠷᠤᠨ ᠤ ᠵᠠᠷᠢᠮ ᠨᠤᠳᠤᠭ ᠢᠶᠠᠷ ᠭᠠᠯ ᠤᠨ ᠪᠤᠷᠬᠠᠨ ᠬᠤᠷᠢᠨ ᠭᠤᠷᠪᠠᠨ ᠳᠤ ᠳᠡᠭᠷᠢ  ᠠᠴᠠ ᠪᠠᠭᠤᠵᠦ᠂ ᠬᠤᠷᠢᠨ ᠲᠦᠷᠪᠡᠨ ᠳᠤ ᠳᠡᠭᠷᠢ ᠳᠤ ᠭᠠᠷᠳᠠᠭ ᠭᠡᠳᠡᠭ᠃ ᠡᠶᠢᠮᠦ ᠠᠴᠠ ᠵᠠᠷᠢᠮ ᠠᠶᠢᠯ ᠨᠢ ᠭᠠᠯ ᠤᠨ ᠪᠤᠷᠬᠠᠨ ᠢᠶᠠᠨ ᠤᠭᠳᠤᠵᠦ ᠬᠤᠷᠢᠨ ᠭᠤᠷᠪᠠᠨ ᠳᠤ ᠳᠠᠬᠢᠳᠠᠭ᠂ ᠵᠠᠷᠢᠮ ᠠᠶᠢᠯ ᠨᠢ ᠭᠠᠯ ᠤᠨ ᠪᠤᠷᠬᠠᠨ ᠢᠶᠠᠨ ᠦᠳᠡᠵᠦ ᠬᠤᠷᠢᠨ ᠲᠦᠷᠪᠡᠨ ᠳᠤ ᠳᠠᠬᠢᠳᠠᠭ ᠭᠡᠳᠡᠭ᠃ ᠡᠨᠡ ᠨᠢ ᠬᠤᠷᠢᠨ ᠭᠤᠷᠪᠠᠨ᠂ ᠬᠤᠷᠢᠨ ᠲᠦᠷᠪᠡᠨ ᠳᠤ ᠭᠠᠯ ᠳᠠᠬᠢᠬᠤ ᠪᠤᠯᠤᠭᠰᠠᠨ ᠤᠴᠢᠷ ᠤᠨ ᠬᠠᠮᠤᠭ ᠤᠨ ᠤᠨᠤᠪᠴᠢᠳᠠᠢ ᠬᠡᠯᠡᠯᠭᠡ ᠮᠦᠨ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号