| | ᠮᠤᠩᠭᠤᠯᠴᠤᠳ ᠡᠷᠳᠡᠨ ᠠᠴᠠ ᠪᠠᠨ ᠠᠪᠤᠭᠠᠳ ᠲᠡᠭᠷᠢ ᠶᠢ ᠬᠢᠵᠠᠭᠠᠷᠯᠠᠰᠢ ᠦᠭᠡᠢ ᠷᠢᠳᠢ ᠰᠢᠳᠢ ᠲᠠᠢ ᠭᠡᠮᠡᠨ ᠪᠢᠰᠢᠷᠡᠵᠦ᠂ | ︽ᠡᠴᠢᠭᠡ ᠲᠡᠭᠷᠢ︾᠂ ︽ᠪᠤᠷᠬᠠᠨ ᠲᠡᠭᠷᠢ︾᠂ ︽ᠲᠦᠮᠡᠨ ᠨᠢᠳᠦᠳᠡᠢ ᠲᠡᠭᠷᠢ ᠠᠪᠤ︾ ᠭᠡᠮᠡᠨ ᠬᠦᠨᠳᠦᠳᠭᠡᠨ | ᠲᠠᠭᠤᠳᠠᠵᠦ᠂ ᠠᠯᠢᠪᠠ ᠦᠢᠯᠡ ᠶᠠᠪᠤᠳᠠᠯ ᠤᠨ ᠦᠷ᠎ᠡ ᠳ᠋ᠦᠩ ᠢ ᠲᠡᠭᠷᠢ ᠶᠢᠨ ᠰᠠᠨᠠᠭ᠎ᠠ ᠪᠠᠷ ᠪᠤᠯᠤᠯ᠎ᠠ ᠭᠡᠵᠦ ᠦᠵᠡᠳᠡᠭ᠃ | ᠲᠡᠭᠷᠢ ᠲᠤᠭᠰᠢᠷᠠᠨ ᠬᠦᠴᠦᠲᠡᠢ ᠲᠤᠤᠭᠠᠷᠬᠤ ᠶᠢ ︽ᠲᠡᠭᠷᠢ ᠠᠪᠤ ᠠᠭᠤᠷᠯᠠᠨ ᠬᠢᠯᠢᠩᠨᠡᠵᠦ ᠪᠠᠶᠢᠨ᠎ᠠ︾ ᠭᠡᠵᠦ ᠠᠶᠤᠵᠦ | ᠡᠮᠢᠶᠡᠨ ᠦᠷᠦᠰᠢᠶᠡᠯ ᠡᠨᠡᠷᠢᠯ ᠭᠤᠶᠤᠵᠦ ᠲᠠᠭᠠᠳᠬᠠᠨ ᠵᠠᠯᠪᠠᠷᠢᠳᠠᠭ ᠢᠶᠠᠷ ᠦᠯᠦ ᠪᠠᠷᠠᠮ ᠡᠷᠬᠦᠯ ᠰᠠᠴᠤᠯᠢ ᠴᠤ ᠡᠷᠬᠦᠳᠡᠭ | ᠪᠠᠶᠢᠪᠠ᠃ | ᠠᠷᠠᠳ ᠤᠨ ᠲᠤᠮᠳᠠ ︽ᠲᠡᠭᠷᠢ ᠲᠤᠤᠭᠠᠷᠪᠠᠯ ᠬᠤᠪᠢᠯᠵᠠ ᠦᠬᠦᠨ᠎ᠡ︾᠂ ︽ᠲᠡᠭᠷᠢ ᠲᠤᠤᠭᠠᠷᠬᠤ ᠦᠭᠡᠢ ᠪᠤᠯ | ᠬᠠᠯᠠᠭᠠᠢ ᠢᠳᠡᠵᠦ ᠪᠤᠯᠬᠤ ᠦᠭᠡᠢ︾ ᠬᠡᠬᠦ ᠮᠡᠳᠦ ᠶᠢᠨ ᠠᠮᠢᠳᠤᠷᠠᠯ ᠤᠨ ᠮᠡᠳᠡᠯᠭᠡ ᠪᠤᠯᠤᠭᠰᠠᠨ ᠦᠬᠡ ᠨᠦᠭᠦᠳ | ᠪᠠᠶᠢᠳᠠᠭ ᠮᠦᠷᠳᠡᠭᠡᠨ ᠬᠤᠷᠴᠢᠨ ᠳᠤ ᠲᠡᠭᠷᠢ ᠲᠤᠤᠭᠠᠷᠬᠤ ᠦᠶ᠎ᠡ ᠳᠤ ︽ᠬᠤᠷᠤᠬᠠᠢ ᠰᠢᠪᠠᠵᠢ ᠶᠢ ᠠᠷᠢᠯᠭᠠᠵᠦ ᠪᠠᠶᠢᠨ᠎ᠠ︾ | ᠭᠡᠵᠦ ᠬᠠᠨᠵᠤᠨ ᠤ ᠪᠠᠨ ᠰᠢᠷᠤᠢ ᠶᠢ ᠱᠦᠬᠦᠷᠳᠡᠵᠦ᠂ ᠭᠡᠷ ᠡᠷᠦᠬᠡ ᠪᠠᠨ ᠴᠡᠪᠡᠷᠯᠡᠨ ᠠᠷᠢᠭᠤᠳᠬᠠᠳᠠᠭ ᠵᠠᠩᠰᠢᠯ ᠤᠳᠤ | ᠪᠤᠯᠳᠠᠯ᠎ᠠ ᠤᠯᠠᠮᠵᠢᠯᠠᠭᠳᠠᠵᠦ ᠪᠠᠶᠢᠭᠰᠠᠭᠠᠷ᠃ | ᠦᠵᠦᠮᠦᠴᠢᠨ ᠳᠤ ᠲᠡᠭᠷᠢ ᠬᠦᠴᠦᠳᠡᠢ ᠲᠤᠤᠭᠠᠷᠬᠤ ᠦᠶ᠎ᠡ ᠳᠤ ᠭᠡᠷ ᠤᠨ ᠡᠵᠡᠨ ᠬᠦᠮᠦᠨ ︽ᠬᠦ᠋᠂ ᠬᠦ᠋︾ ᠭᠡᠵᠦ | ᠲᠡᠭᠡᠷ᠎ᠡ ᠲᠠᠭᠤ ᠪᠠᠷ ᠪᠠᠷᠬᠢᠷᠠᠳᠠᠭ᠃ ᠢᠩᠬᠢᠪᠡᠯ ︽ᠲᠡᠭᠷᠢ ᠶᠢᠨ ᠲᠠᠭᠤ ᠬᠤᠯᠠᠳᠠᠨ᠎ᠠ︾ ᠭᠡᠳᠡᠭ᠃ ᠴᠠᠭᠠᠨ ᠬᠤᠪᠴᠠᠰᠤ | ᠡᠮᠤᠰᠴᠦ ᠪᠠᠶᠢᠭᠰᠠᠨ ᠬᠦᠮᠦᠨ ᠪᠤᠯ ᠪᠠᠷᠢᠨ ᠲᠤᠤᠷ᠎ᠠ ᠪᠠᠨ ᠲᠠᠶᠢᠯᠵᠦ᠂ ᠦᠭᠡᠷ᠎ᠡ ᠬᠠᠷ᠎ᠠ ᠪᠠᠷᠠᠭᠠᠨ ᠦᠩᠭᠡ ᠶᠢᠨ | ᠬᠤᠪᠴᠠᠰᠦ ᠰᠤᠯᠢᠵᠦ᠂ ᠮᠤᠩᠭᠤᠯ ᠭᠡᠷ ᠤᠨ ᠪᠠᠭᠠᠨ᠎ᠠ᠂ ᠬᠤᠯᠠᠩ ᠵᠡᠷᠭᠡ ᠪᠠᠨ ᠪᠠᠭᠤᠯᠭᠠᠨ ᠬᠡᠪᠳᠡᠬᠦᠯᠵᠦ ᠲᠠᠯᠪᠢᠳᠠᠭ᠃ | ᠶᠠᠮᠠᠷ ᠨᠢᠭᠡᠨ ᠬᠦᠮᠦᠨ ᠵᠠᠪᠠᠯ ᠭᠠᠳᠠᠨ᠎ᠠ ᠭᠠᠷᠬᠤ ᠴᠢᠬᠤᠯᠠᠳᠠᠢ ᠪᠤᠯ ᠮᠠᠯᠠᠭᠠᠢ ᠡᠮᠤᠰᠴᠤ᠂ ᠠᠯᠴᠢᠭᠤᠷ ᠤᠷᠢᠶᠠᠬᠤ ᠪᠤᠶᠤ | ᠲᠤᠯᠤᠭᠠᠢ ᠲᠡᠭᠡᠷ᠎ᠡ ᠪᠠᠨ ᠶᠠᠭᠤᠮ᠎ᠠ ᠲᠠᠯᠪᠢᠵᠦ ᠭᠠᠷᠳᠠᠭ᠃ ᠲᠠᠭᠤᠤ ᠬᠢᠩᠰᠢᠬᠦ ᠪᠤᠶᠤ ᠭᠡᠤᠭᠡᠳ ᠢ ᠤᠬᠢᠯᠠᠭᠤᠯᠬᠤ᠂ | ᠡᠬᠦᠳᠡᠨ ᠭᠤᠤᠯ ᠳᠤ ᠠᠰᠯᠠᠵᠦ ᠵᠤᠭᠰᠤᠬᠤ᠂ ᠲᠤᠭᠤᠭ᠎ᠠ ᠰᠢᠨᠠᠭ᠎ᠠ ᠤᠷᠤᠭᠤᠯᠵᠦ ᠭᠠᠷᠭᠠᠬᠤ ᠶᠢ ᠲᠠᠰᠤ ᠴᠡᠭᠡᠷᠯᠡᠳᠡᠭ᠃ | | ᠮᠤᠩᠭᠤᠯᠴᠤᠳ ᠲᠡᠭᠷᠢ ᠲᠤᠤᠭᠠᠷᠬᠤ ᠦᠶᠡᠰ ᠦᠷᠦᠰᠢᠶᠡᠯ ᠡᠨᠡᠷᠢᠯ ᠬᠠᠶᠢᠷᠠᠯᠠᠬᠤ ᠶᠢ ᠭᠤᠶᠤᠨ ᠲᠠᠭᠠᠳᠬᠠᠬᠤ ᠳᠠᠭᠠᠨ᠄ | | ᠲᠠᠭᠤᠳᠤ ᠲᠡᠭᠷᠢ ᠮᠢᠨᠦ | ᠲᠤᠭᠳᠠᠭᠠᠵᠦ ᠬᠠᠶᠢᠷᠠᠯᠠ | ᠲᠤᠳᠤᠭᠠᠳᠦ ᠦᠷᠬᠦᠭᠡ ᠶᠢ ᠮᠢᠨᠢ | ᠦᠷᠦᠰᠢᠶᠡᠵᠦ ᠬᠠᠶᠢᠷᠠᠯᠠ | ᠠᠶᠤᠩᠭᠠᠳᠦ ᠲᠡᠭᠷᠢ ᠮᠢᠨᠦ | ᠠᠶᠠᠳᠠᠵᠦ ᠬᠠᠶᠢᠷᠠᠯᠠ | ᠠᠳᠤᠭᠤ ᠮᠠᠯ ᠢ ᠮᠢᠨᠦ | ᠠᠪᠤᠷᠠᠵᠦ ᠬᠠᠶᠢᠷᠠᠯᠠ | ᠬᠢᠯᠪᠠᠭᠠᠳᠦ ᠲᠡᠭᠷᠢ ᠮᠢᠨᠦ | ᠬᠡᠶᠢᠬᠦᠯᠵᠦ ᠬᠠᠶᠢᠷᠠᠯᠠ | ᠬᠡᠷ ᠬᠤᠳᠠᠯᠠᠭᠠᠷ ᠢ ᠮᠢᠨᠦ | ᠪᠤᠯᠭᠤᠭᠠᠵᠦ ᠬᠠᠶᠢᠷᠠᠯᠠ ᠭᠡᠵᠦ ᠰᠢᠪᠰᠢᠭᠡᠳ ᠭᠠᠳᠠᠭᠰᠢ ᠪᠠᠨ ᠰᠦ ᠶᠢᠨ ᠰᠠᠴᠤᠯᠢ ᠡᠷᠬᠦᠳᠡᠭ᠃ ᠭᠡᠷᠪᠡ ᠭᠡᠭᠡᠷ᠎ᠡ | ᠭᠠᠳᠠᠨ᠎ᠠ ᠠᠳᠤᠭᠤ ᠮᠠᠯ ᠳᠤ ᠶᠠᠪᠤᠵᠦ ᠪᠠᠶᠢᠭᠰᠠᠨ ᠪᠤᠯ ᠦᠨᠳᠦᠷ ᠭᠠᠵᠠᠷ ᠬᠦᠳᠡᠯᠤᠯ ᠦᠭᠡᠢ ᠰᠠᠭᠤᠭᠠᠳ ᠠᠯᠠᠭ᠎ᠠ ᠪᠠᠨ | ᠬᠠᠪᠰᠤᠷᠤᠨ ᠵᠠᠯᠪᠠᠷᠢᠵᠦ ᠲᠠᠭᠠᠳᠬᠠᠳᠠᠭ᠃ ᠪᠤᠷᠢᠶᠠᠳᠴᠤᠳ ᠲᠡᠭᠷᠢ ᠲᠤᠤᠭᠠᠷᠴᠤ ᠴᠠᠬᠢᠯᠭᠠᠨ ᠬᠢᠯᠪᠠᠵᠦ ᠪᠠᠶᠢᠬᠤ | ᠦᠶ᠎ᠡ ᠳᠤ᠄ | ᠦᠨᠳᠦᠷ ᠭᠡᠪᠡᠯ ᠠᠭᠤᠯᠠ ᠶᠢ ᠨᠢᠷᠭᠡᠭ | ᠦᠨᠦᠴᠢᠨ ᠭᠡᠪᠡᠯ ᠨᠠᠮ᠎ᠠ ᠶᠢ ᠨᠢᠷᠭᠡᠭ | ᠬᠠᠨ ᠴᠠᠭᠠᠨ ᠶᠠᠰᠤ ᠲᠠᠢ ᠪᠢᠯᠡ | ᠬᠠᠷᠢᠶᠠᠳ ᠪᠤᠷᠢᠶᠠᠳ ᠤᠪᠤᠭ ᠲᠠᠢ ᠪᠢᠯᠡ | ᠬᠠᠪᠠ ᠵᠢᠭᠠᠰᠤᠨ ᠮᠢᠬ᠎ᠠ ᠢᠳᠡᠭᠡ ᠦᠭᠡᠢ ᠪᠢᠯᠡ | ᠬᠠᠢ ᠭᠡ᠂ ᠬᠠᠢ ᠬᠡ ᠬᠡᠬᠦ ᠪᠤᠶᠤ | ᠦᠨᠢᠷ ᠭᠡᠪᠡᠯ ᠨᠠᠮ᠎ᠠ ᠶᠢ ᠨᠢᠷᠭᠡᠭ | ᠦᠷᠭᠡᠨ ᠭᠡᠪᠡᠯ ᠲᠠᠯᠠᠢ ᠶᠢ ᠨᠢᠷᠭᠡᠭ | ᠲᠡᠯᠢᠬᠦᠤ ᠢᠳᠡᠭᠰᠡᠨ ᠪᠤᠯ ᠲᠡᠯᠪᠡ ᠨᠢᠷᠭᠡᠭ | ᠰᠠᠷᠬᠢᠨᠠᠭ ᠢᠳᠡᠭᠰᠡᠨ ᠪᠤᠯ ᠰᠠᠯᠪᠠ ᠨᠢᠷᠭᠡᠭ ᠬᠡᠬᠦ ᠮᠡᠳᠦ ᠪᠠᠷ ᠰᠢᠪᠰᠢᠳᠡᠭ᠃ | ᠬᠠᠯᠬ᠎ᠠ ᠶᠢᠨ ᠰᠢᠷᠠᠨᠤᠳ ᠤᠪᠤᠭ ᠤᠨ ᠬᠢᠨ ᠪᠤᠯ᠄ | ᠭᠤᠴᠢᠨ ᠭᠤᠷᠪᠠᠨ ᠬᠤᠷᠮᠤᠰᠳᠠ | ᠭᠤᠨᠢᠭᠠᠷ ᠰᠢᠷᠠᠨᠤᠳ ᠤᠨ ᠦᠷ᠎ᠡ ᠰᠡᠳᠦ ᠪᠠᠶᠢᠨ᠎ᠠ | ᠲᠠᠬᠢ ᠲᠠᠢ ᠭᠡᠪᠡᠯ ᠨᠠᠮ᠎ᠠ ᠶᠢ ᠨᠢᠷᠭᠡᠭ | ᠲᠠᠯᠠᠩ ᠲᠠᠢ ᠭᠡᠪᠡᠯ ᠮᠤᠷᠢ ᠶᠢ ᠮᠢᠨᠢ ᠨᠢᠷᠭᠡᠭ ᠬᠡᠬᠦ ᠪᠤᠶᠤ | ᠬᠠᠨ ᠴᠠᠭᠠᠨ ᠶᠠᠰᠤ ᠲᠠᠢ ᠪᠢᠯᠡ | ᠬᠠᠰ ᠨᠤᠮᠢᠨ ᠵᠢᠩᠰᠠ ᠲᠠᠢ ᠪᠢᠯᠡ | ᠬᠠᠭᠠᠨ ᠲᠡᠭᠷᠢ ᠢᠵᠠᠭᠤᠷ ᠲᠠᠢ ᠪᠢᠯᠡ ᠭᠡᠵᠦ ᠲᠡᠭᠷᠢ ᠵᠦᠭ ᠬᠠᠨᠳᠤᠨ ᠰᠢᠪᠰᠢᠳᠡᠭ᠃ | ᠦᠩᠭᠡᠷᠡᠭᠰᠡᠨ ᠳᠤ ᠠᠶᠤᠩᠭ᠎ᠠ ᠳᠤ ᠲᠠᠭᠠᠷᠢᠭᠳᠠᠨ ᠬᠦᠮᠦᠨ ᠮᠠᠯ ᠡ᠊ᠨᠳᠡᠵᠤ ᠦᠷᠡᠭᠳᠡᠬᠦ ᠶᠠᠪᠤᠳᠠᠯ ᠭᠠᠷᠪᠠᠯ ᠪᠦᠬᠡ | ᠵᠠᠯᠠᠵᠦ ᠨᠤᠮ ᠬᠦᠷᠢᠮ ᠤᠩᠰᠢᠭᠤᠯᠤᠨ ᠲᠤᠮ ᠲᠠᠷᠤᠯᠭ᠎ᠠ ᠬᠢᠯᠭᠡᠵᠦ᠂ ᠭᠡᠷ ᠡᠷᠦᠬᠡ᠂ ᠬᠤᠳᠠ ᠬᠤᠷᠤᠭ᠎ᠠ᠂ ᠮᠠᠯ | ᠰᠦᠷᠦᠭ ᠢᠶᠠᠨ ᠪᠦᠬᠦᠨ ᠢ ᠠᠷᠢᠭᠤᠯᠠᠨ ᠤᠳᠤᠵᠦ᠂ ᠰᠠᠩ ᠵᠤᠯᠠ ᠡᠷᠬᠦᠵᠦ ᠲᠡᠭᠷᠢ ᠲᠠᠬᠢᠳᠠᠭ ᠦᠵᠡᠭᠳᠡᠯ ᠨᠡᠶᠢᠳᠡᠮ | ᠤᠷᠤᠰᠢᠵᠦ ᠪᠠᠶᠢᠪᠠ᠃ ᠤᠯᠠᠩᠬᠢ ᠪᠦᠬᠡ ᠠᠶᠤᠩᠭ᠎ᠠ ᠳᠤ ᠲᠠᠭᠠᠷᠢᠭᠳᠠᠭᠰᠠᠨ ᠬᠦᠮᠦᠨ ᠮᠠᠯ ᠤᠨ ᠮᠠᠩᠨᠠᠢ ᠲᠤᠮᠳᠠ | ᠵᠢᠳᠠ ᠪᠠᠷ ︽+︾ ᠲᠡᠮᠳᠡᠭ ᠵᠢᠷᠤᠵᠦ ᠲᠤᠮ ᠲᠠᠷᠤᠯᠭ᠎ᠠ ᠬᠢᠳᠡᠭ᠃ | ᠦᠵᠦᠮᠦᠴᠢᠨ ᠳᠤ ᠠᠶᠤᠩᠭ᠎ᠠ ᠳᠤ ᠲᠠᠭᠠᠷᠢᠭᠳᠠᠭᠰᠠᠨ ᠬᠦᠮᠦᠨ ᠢ ᠬᠤᠷᠢᠨ ᠲᠦᠷᠪᠡᠨ ᠴᠠᠭ ᠤᠨ ᠲᠤᠳᠤᠷ᠎ᠠ ᠬᠦᠳᠡᠯᠤᠯ | ᠦᠭᠡᠢ ᠪᠠᠷ ᠲᠤᠬᠠᠢ ᠶᠢᠨ ᠤᠷᠤᠨ ᠳᠤᠨᠢ ᠭᠡᠪᠳᠡᠬᠦᠯᠵᠦ᠂ ᠭᠠᠳᠠᠭᠤᠷ ᠨᠢ ᠮᠤᠳᠤ ᠪᠠᠷ ᠲᠤᠭᠤᠷᠢᠭ ᠵᠢᠷᠤᠭᠠᠰᠦ ᠵᠢᠷᠤᠭᠠᠳ | ︽ᠲᠡᠭᠷᠢ ᠲᠠᠭᠤᠳᠠᠭᠴᠢ︾ ᠬᠡᠳᠡᠭ ᠲᠤᠰᠬᠠᠢ ᠪᠦᠬᠡ ᠶᠢ ᠵᠠᠯᠠᠨ ᠠᠪᠴᠢᠷᠠᠵᠦ᠂ ᠠᠶᠢᠷᠠᠭ ᠤᠨ ᠭᠠᠩ ᠳᠤᠨᠢ ᠬᠢᠳᠤᠭ᠎ᠠ | ᠬᠢᠵᠦ ᠪᠦᠯᠢᠬᠦ ᠶᠢᠨ ᠲᠠᠭᠠᠤ ᠨᠤᠮ ᠬᠦᠷᠢᠮ ᠤᠩᠰᠢᠭᠤᠯᠵᠦ᠂ ᠲᠤᠮ ᠲᠠᠷᠤᠯᠭ᠎ᠠ ᠬᠢᠯᠬᠡᠳᠡᠭ ᠪᠠᠶᠢᠵᠠᠢ᠃ | ᠪᠤᠷᠢᠶᠠᠳᠴᠤᠳ ᠠᠶᠤᠩᠭ᠎ᠠ ᠳᠤ ᠲᠠᠭᠠᠷᠢᠭᠳᠠᠭᠰᠠᠨ ᠬᠦᠮᠦᠨ ᠢ ᠤᠭ ᠤᠷᠤᠨ ᠠᠴᠠ ᠨᠢ ᠰᠢᠯᠵᠢᠬᠦᠯᠦᠯ ᠦᠭᠡᠢ ᠪᠠᠷ | ᠬᠡᠪᠳᠡᠬᠦᠯᠵᠦ᠂ ᠪᠡᠶ᠎ᠡ ᠲᠡᠭᠡᠷ᠎ᠡ ᠨᠢ ᠬᠦᠢᠳᠡᠨ ᠤᠰᠤ ᠰᠦᠷᠴᠢᠵᠦ᠂ ᠪᠦᠭᠡ ᠵᠠᠯᠠᠵᠦ ᠪᠦᠭᠡᠯᠡᠬᠦᠯᠳᠡᠭ᠃ ᠡ᠊ᠨᠳᠡᠭᠰᠡᠳ ᠢ | ᠤᠳᠤᠵᠦ ᠠᠷᠢᠭᠤᠯᠠᠭᠠᠳ ᠶᠢᠰᠦᠨ ᠬᠦᠤ ᠪᠠᠷ ᠬᠡᠬᠦᠷ ᠢ ᠨᠢ ᠭᠤᠷᠪᠠᠨ ᠡᠳᠦᠷ ᠭᠤᠷᠪᠠᠨ ᠰᠦᠨᠢ ᠰᠠᠬᠢᠭᠤᠯᠵᠦ᠂ | ᠲᠠᠰᠤᠷᠠᠯ ᠦᠭᠡᠢ ᠭᠤᠨᠢᠬᠳᠦ ᠲᠠᠭᠤᠤ ᠬᠢᠩᠰᠢᠬᠦᠯᠦᠨ᠂ ᠤᠢ ᠶᠢᠨ ᠬᠦᠨ ᠳᠤ ᠠᠪᠠᠴᠢᠵᠦ ᠤᠷᠤᠰᠢᠭᠤᠯᠳᠠᠭ᠃ ᠵᠠᠷᠢᠮ | ᠭᠠᠵᠠᠷ ᠠᠶᠤᠩᠭ᠎ᠠ ᠳᠤ ᠲᠠᠭᠠᠷᠢᠭᠳᠠᠨ ᠨᠦᠭᠴᠢᠭᠰᠡᠳ ᠢ ᠪᠤᠶᠢᠳᠠ ᠪᠦᠭᠯᠡᠬᠦᠤ ᠭᠠᠵᠠᠷ ᠠᠪᠠᠴᠢᠵᠦ ᠤᠷᠤᠰᠢᠭᠤᠯᠤᠭᠠᠳ | ᠶᠢᠰᠦᠨ ᠬᠦᠤ ᠰᠤᠩᠭᠤᠵᠦ᠂ ᠲᠤᠰ ᠪᠦᠷᠢ ᠴᠠᠭᠠᠨ ᠬᠤᠪᠴᠠᠰᠦ ᠡᠮᠤᠰᠤᠬᠦᠯᠦᠨ ᠴᠠᠭᠠᠨ ᠮᠤᠷᠢ ᠤᠨᠤᠭᠤᠯᠵᠦ | ᠪᠤᠯᠠᠰᠢ ᠶᠢ ᠨᠢ ᠡᠷᠬᠢᠨ ᠦᠨᠳᠦᠷ ᠲᠠᠭᠤ ᠪᠠᠷ ᠬᠠᠰᠬᠢᠷᠤᠨ ᠲᠠᠪᠬᠢᠭᠤᠯᠳᠠᠭ᠃ ᠬᠠᠷᠢᠨ ᠡ᠊ᠨᠳᠡᠭᠰᠡᠳ ᠲᠤ ᠪᠤᠶᠠᠨ ᠨᠤᠮ | ᠦᠢᠯᠡᠳᠬᠦ ᠦᠭᠡᠢ ᠮᠦᠷᠳᠡᠭᠡᠨ ᠬᠡᠬᠦᠷ ᠢ ᠨᠢ ᠤᠩᠭᠤᠨ ᠳᠤ ᠤᠷᠤᠭᠤᠯᠳᠠᠭ ᠦᠭᠡᠢ᠃ ᠬᠡᠷ ᠤᠨ ᠡᠵᠡᠨ ᠨᠢ ᠵᠠᠭᠤ | ᠬᠤᠨᠤᠭ ᠤᠨ ᠲᠤᠳᠤᠷ᠎ᠠ ᠠᠶᠢᠯ ᠳᠤ ᠤᠷᠤᠬᠤ ᠦᠭᠡᠢ ᠬᠦᠯ ᠴᠡᠭᠡᠷᠯᠡᠳᠡᠭ᠃ ᠡ᠊ᠨᠳᠡᠭᠰᠡᠨ ᠮᠠᠯ ᠢ ᠪᠤᠯ ᠮᠢᠬ᠎ᠠ ᠶᠢ ᠨᠢ | ᠬᠦᠨᠳᠡᠳᠡᠭ ᠦᠭᠡᠢ᠂ ᠤᠭ ᠤᠷᠤᠨ ᠳᠤᠨᠢ ᠪᠤᠯᠠᠵᠦ ᠲᠠᠯᠪᠢᠬᠤ ᠪᠤᠶᠤ ᠦᠨᠳᠦᠷ ᠠᠭᠤᠯᠠ ᠶᠢᠨ ᠤᠷᠤᠢ ᠳᠤ ᠲᠠᠯᠪᠢᠵᠦ᠂ | ᠮᠠᠯ ᠡ᠊ᠨᠳᠡᠭᠰᠡᠨ ᠭᠠᠵᠠᠷ ᠨᠢᠭᠡ ᠵᠢᠯ ᠤᠨ ᠲᠤᠳᠤᠷ᠎ᠠ ᠪᠤᠰᠤᠳ ᠮᠠᠯ ᠢ ᠪᠡᠯᠴᠢᠭᠡᠷᠯᠡᠬᠦᠯᠳᠡᠭ ᠦᠭᠡᠢ ᠴᠡᠭᠡᠷ ᠲᠠᠢ ᠪᠠᠶᠢᠳᠠᠭ | ᠃ | ᠬᠤᠷᠴᠢᠨ ᠳᠤ ᠠᠶᠤᠩᠭ᠎ᠠ ᠳᠤ ᠡ᠊ᠨᠳᠡᠭᠰᠡᠳ ᠢ ᠲᠡᠭᠷᠢ ᠳᠤ ᠡᠰᠡ ᠲᠠᠭᠠᠯᠠᠭᠳᠠᠯ᠎ᠠ ᠭᠡᠮᠡᠨ ᠦᠵᠡᠵᠦ᠂ ᠲᠤᠰᠬᠠᠶᠢᠯᠠᠨ | ᠪᠦᠭᠡ ᠵᠠᠯᠠᠵᠦ ᠲᠤᠮ ᠲᠠᠷᠤᠯᠭ᠎ᠠ ᠬᠢᠯᠭᠡᠳᠡᠭ᠃ ᠵᠠᠯᠠᠭᠳᠠᠵᠦ ᠢᠷᠡᠭᠰᠡᠨ ︽ᠲᠡᠭᠷᠢ ᠲᠠᠭᠤᠳᠠᠭᠴᠢ︾ ᠨᠢ ᠶᠡᠭᠡ ᠯᠡ | ᠠᠭᠤᠷᠯᠠᠭᠰᠠᠨ ᠶᠠᠩᠵᠤᠳᠠᠢ ᠬᠦᠷᠴᠦ ᠢᠷᠡᠭᠡᠳ ︽ᠶᠡᠷᠡ ᠶᠢᠰᠦᠨ ᠲᠡᠭᠷᠢ ᠶᠢᠨ ᠠᠯᠢ ᠲᠡᠭᠷᠢ ᠨᠢ ᠪᠠᠭᠤᠭᠰᠠᠨ ᠶᠤᠮ︖ | ︾ ᠬᠡᠬᠦ ᠪᠤᠶᠤ ︽ᠠᠳᠠᠭᠠᠳᠦ ᠲᠡᠭᠷᠢ ᠠᠪᠤ ᠮᠢᠨᠢ᠂ ᠠᠴᠢᠷ ᠦᠷ᠎ᠡ ᠪᠠᠨ ᠢᠩᠬᠢᠵᠦ ᠵᠤᠪᠠᠭᠠᠬᠤ ᠴᠢᠨᠢ ᠶᠠᠭᠤ ᠪᠤᠢ︖ | ᠪᠤᠷᠤᠭᠠᠨ ᠬᠤᠷ᠎ᠠ ᠤᠷᠤᠭᠤᠯᠬᠤ ᠪᠠᠷ ᠢᠶᠠᠨ ᠤᠷᠤᠭᠤᠯᠤᠨ᠎ᠠ ᠪᠠ᠂ ᠪᠠᠭᠤᠬᠤ ᠦᠭᠡᠢ ᠭᠠᠵᠠᠷ ᠪᠠᠭᠤᠵᠦ᠂ ᠪᠦᠬᠦᠳᠡ | ᠤᠯᠠᠨ ᠢ ᠦᠢᠮᠡᠬᠦᠯᠳᠡᠭ ᠨᠢ ᠶᠠᠭᠤ ᠶᠤᠮ︖︾ ᠭᠡᠵᠦ ᠪᠤᠷᠤᠭᠤᠰᠢᠶᠠᠨ ᠵᠢᠮᠡᠯᠡᠬᠦ ᠶᠢᠨ ᠲᠠᠭᠠᠤ ᠮᠠᠯ ᠰᠦᠷᠦᠭ ᠢ ᠨᠢ | ᠡᠶᠢᠰᠢ ᠲᠡᠶᠢᠰᠢ ᠲᠠᠭᠤᠵᠦ᠂ ᠲᠤᠷ᠎ᠠ ᠪᠠᠷ ᠢᠶᠠᠨ ᠠᠭᠠᠰᠢᠯᠠᠳᠠᠭ᠃ ᠲᠡᠭᠡᠭᠡᠳ ᠲᠤᠰᠬᠠᠢ ᠲᠤᠮ ᠲᠠᠷᠤᠯᠭ᠎ᠠ ᠪᠠᠨ ᠠᠯᠬᠤᠮ | ᠲᠠᠷᠠᠭ᠎ᠠ ᠲᠠᠢ ᠬᠢᠵᠦ ᠪᠠᠷᠠᠭᠠᠳ ᠤᠷᠭ᠎ᠠ ᠪᠠᠷ ᠬᠡᠮᠵᠢᠬᠦᠷ ᠪᠤᠯᠭᠠᠵᠦ᠂ ᠲᠤᠬᠠᠢ ᠶᠢᠨ ᠭᠠᠵᠠᠷ ᠠᠴᠠ ᠨᠡᠯᠢᠶᠡᠳ ᠵᠠᠶᠢᠳᠠᠢ | ᠦᠨᠳᠦᠷ ᠭᠠᠵᠠᠷ ᠠᠪᠠᠴᠢᠵᠦ᠂ ᠡ᠊ᠨᠳᠡᠭᠰᠡᠳ ᠢ ᠡᠮᠤᠨᠡᠰᠢ ᠬᠠᠷᠠᠭᠤᠯᠤᠨ ᠰᠦᠬᠦᠳᠭᠡᠵᠦ ᠤᠷᠤᠰᠢᠭᠤᠯᠳᠠᠭ᠃ | ᠶᠠᠪᠤᠬᠤ ᠳᠠᠭᠠᠨ ᠲᠡᠭᠷᠢ ᠲᠤᠤᠭᠠᠷᠴᠦ᠂ ᠴᠠᠬᠢᠯᠭᠠᠨ ᠬᠢᠯᠪᠠᠵᠦ ᠪᠠᠶᠢᠬᠤ ᠳᠤ ᠠᠶᠢᠷᠠᠭ ᠪᠦᠯᠢᠬᠦ᠂ ᠦᠨᠢᠶ᠎ᠡ ᠰᠠᠭᠠᠬᠤ᠂ | ᠮᠤᠷᠢ ᠠᠮᠠᠭᠠᠶᠢᠯᠠᠬᠤ᠂ ᠴᠠᠭᠠᠨ ᠦᠩᠭᠡ ᠶᠢᠨ ᠬᠤᠪᠴᠠᠰᠦ ᠪᠤᠶᠤ ᠨᠦᠢᠳᠠᠨ ᠴᠢᠬᠢᠭᠳᠡᠢ ᠬᠤᠪᠴᠠᠰᠦ ᠡᠮᠤᠰᠬᠦ᠂ | ᠤᠷᠭᠤᠭ᠎ᠠ ᠮᠤᠳᠤᠨ ᠤ ᠲᠤᠤᠷ᠎ᠠ ᠵᠤᠭᠰᠤᠬᠤ᠂ ᠮᠠᠯᠠᠭᠠᠢ ᠦᠭᠡᠢ ᠪᠠᠷ ᠭᠠᠳᠠᠭᠤᠷ ᠶᠠᠪᠤᠬᠤ ᠵᠡᠷᠭᠡ ᠶᠢ ᠴᠡᠭᠡᠷᠯᠡᠬᠦᠯᠦᠨ | ᠵᠠᠬᠢᠳᠠᠭ ᠪᠠᠶᠢᠵᠠᠢ᠃ | ᠬᠦᠬᠡᠨᠠᠭᠤᠷ ᠮᠤᠵᠢ ᠶᠢᠨ ᠲᠡᠭᠡᠳᠦ ᠮᠤᠩᠭᠤᠯᠴᠤᠳ ᠬᠠᠪᠤᠷ ᠲᠡᠭᠷᠢ ᠠᠩᠬ᠎ᠠ ᠲᠤᠤᠭᠠᠷᠬᠤ ᠳᠤ ︽ᠯᠾᠠᠷᠠᠵᠠᠯᠠᠬᠤ︾ | ᠭᠡᠵᠦ ᠰᠢᠪᠰᠢᠭᠡᠳ ᠭᠠᠳᠠᠨ᠎ᠠ ᠭᠠᠷᠴᠤ ᠭᠡᠷ ᠤᠨ ᠤᠶᠢᠷᠠᠯᠴᠠᠭ᠎ᠠ ᠲᠤᠮᠤ ᠴᠢᠯᠠᠭᠤ ᠶᠢ ᠬᠦᠷᠪᠡᠬᠦᠯᠵᠦ ᠲᠠᠯᠪᠢᠳᠠᠭ᠂ | ᠢᠩᠬᠢᠪᠡᠯ ᠨᠢᠭᠡ ᠵᠢᠯ ᠤᠨ ᠲᠤᠳᠤᠷ᠎ᠠ ᠭᠡᠷ ᠲᠤ ᠮᠤᠭᠠᠢ ᠤᠷᠤᠬᠤ ᠦᠭᠡᠢ ᠪᠤᠶᠤ ᠮᠤᠭᠠᠢ ᠦᠵᠡᠪᠡᠯ ᠠᠶᠤᠵᠦ ᠰᠤᠴᠢᠬᠤ | ᠦᠭᠡᠢ ᠪᠤᠯᠤᠨ᠎ᠠ ᠭᠡᠵᠦ ᠦᠵᠡᠳᠡᠭ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |