| | ︽ᠮᠤᠩᠭᠤᠯ ᠤᠨ ᠨᠢᠭᠤᠴᠠ ᠳᠤᠪᠴᠢᠶᠠᠨ︾ ᠳᠤ ᠲᠠᠮᠳᠡᠭᠯᠡᠭᠰᠡᠨ ᠢ ᠦᠨᠳᠤᠰᠤᠯᠠᠪᠠᠯ᠂ ᠪᠦᠷᠳᠠ ᠴᠢᠨ᠋ᠸ᠎ᠠ ᠪᠤᠯ | ᠮᠤᠩᠭᠤᠯ ᠤᠨ ᠪᠤᠷᠵᠢᠭᠢᠨ ᠤᠪᠤᠭ ᠤᠨ ᠡᠷᠡᠭᠳᠠᠢ ᠲᠠᠭᠡᠳᠤᠰ ᠮᠦᠨ᠃ ᠪᠦᠷᠳᠠ ᠴᠢᠨ᠋ᠸ᠎ᠠ ᠠᠴᠠ ᠬᠤᠶᠢᠰᠢ ᠠᠷᠪᠠᠨ | ᠨᠢᠭᠡᠨ ᠦᠶ᠎ᠠ᠂ ᠪᠠᠷᠤᠭ ᠭᠤᠷᠪᠠᠨ ᠵᠠᠭᠤᠭᠠᠳ ᠵᠢᠯ ᠤᠨ ᠳᠤᠷᠰᠢ ᠮᠤᠩᠭᠤᠯᠴᠤᠳ ᠭᠠᠭᠴᠠ ᠤᠪᠤᠭ ᠢᠶᠠᠷ ᠠᠵᠤ | ᠲᠦᠷᠦᠵᠤ ᠪᠠᠶᠢᠵᠠᠢ᠃ ᠪᠦᠷᠳᠠ ᠴᠢᠨ᠋ᠸ᠎ᠠ ᠶᠢᠨ ᠠᠷᠪᠠᠨ ᠨᠢᠭᠡᠳᠤᠭᠡᠷ ᠦᠶ᠎ᠠ ᠶᠢᠨ ᠠᠴᠢ ᠳᠤᠷᠭᠤᠯᠵᠢᠨ ᠪᠠᠶᠠᠨ ᠤ | ᠦᠶ᠎ᠠ ᠳᠤ ᠭᠦᠷᠤᠭᠡᠳ ᠤᠭ ᠤᠪᠤᠭ ᠠᠴᠠ ᠭᠡᠳᠤ ᠭᠡᠳᠤᠨ ᠰᠠᠯᠪᠤᠷᠢ ᠤᠪᠤᠭ ᠰᠠᠯᠤᠨ ᠭᠠᠷᠴᠠᠢ᠃ ᠳᠤᠷᠭᠤᠯᠵᠢᠨ | ᠪᠠᠶᠠᠨ ᠠᠴᠠ ᠲᠤᠸᠠ ᠰᠤᠬᠤᠷ᠂ ᠳᠤᠪᠤ ᠮᠡᠷᠭᠡᠨ ᠭᠡᠮᠡᠭᠦ ᠬᠤᠶᠠᠷ ᠭᠦᠤ ᠲᠠᠢ᠃ ᠲᠤᠸᠠ ᠰᠤᠬᠤᠷ ᠲᠦᠷᠪᠠᠨ ᠭᠦᠤ ᠲᠠᠢ᠂ | ᠲᠦᠷᠪᠡᠳ ᠤᠪᠤᠭᠳᠠᠨ ᠪᠤᠯᠪᠠ᠃ ᠳᠤᠪᠤ ᠮᠡᠷᠭᠡᠨ ᠠᠮᠢᠳᠤ ᠪᠠᠶᠢᠬᠤ ᠳᠤ ᠲᠠᠭᠦᠨ ᠤ ᠭᠡᠷᠭᠡᠢ ᠠᠯᠤᠨ ᠭᠤᠸ᠎ᠠ ︵ᠬᠤᠷᠢ | ᠲᠦᠮᠠᠳ ᠤᠨ ᠨᠤᠶᠠᠨ ᠬᠤᠷᠢᠯᠠᠷᠳᠠᠢ ᠮᠡᠷᠭᠡᠨ ᠤ ᠦᠭᠢᠨ︶ ᠠᠴᠠ ᠲᠦᠷᠦᠭᠰᠡᠨ ᠪᠦᠭᠦᠨᠤᠳᠠᠢ᠂ ᠪᠠᠯᠭᠦᠨᠤᠳᠠᠢ ᠬᠤᠶᠠᠷ | ᠭᠦᠤ ᠨᠢ ᠳᠤᠰ ᠪᠦᠷᠢ ᠪᠦᠭᠦᠨᠤᠳ᠂ ᠪᠠᠯᠭᠦᠨᠤᠳ ᠤᠪᠤᠭᠳᠠᠨ ᠪᠤᠯᠪᠠ᠃ ᠲᠦᠷᠪᠡᠳ᠂ ᠪᠦᠭᠦᠨᠤᠳ᠂ ᠪᠠᠯᠭᠦᠨᠤᠳ | ᠡᠨᠡ ᠭᠤᠷᠪᠠᠨ ᠤᠪᠤᠭ ᠪᠤᠯ ᠴᠠᠭᠠᠨ ᠶᠠᠰᠤᠨ ᠭᠡᠯᠭᠢᠶ᠎ᠠ ᠲᠠᠢ᠂ ᠤᠯᠠᠭᠠᠨ ᠴᠢᠰᠤᠨ ᠪᠠᠷᠢᠯᠳᠤᠯᠭ᠎ᠠ ᠲᠠᠢ ᠲᠦᠷᠦᠯ ᠤᠪᠤᠭ | ᠮᠦᠨ᠃ ᠡᠭᠦᠨ ᠢ ︽ᠲᠠᠷᠯᠡᠭᠡᠨ ᠮᠤᠩᠭᠤᠯ︾ ᠳᠤ ᠪᠠᠭᠳᠠᠭᠠᠨ᠎ᠠ᠃ ᠳᠤᠪᠤ ᠮᠡᠷᠭᠡᠨ ᠨᠠᠰᠤ ᠪᠠᠷᠠᠭᠰᠠᠨ ᠤ ᠬᠤᠶᠢᠨ᠎ᠠ᠂ | ᠲᠠᠭᠦᠨ ᠤ ᠭᠡᠷᠭᠡᠢ ᠠᠯᠳᠠ ᠭᠤᠸ᠎ᠠ ᠪᠠᠰᠠ ︽ᠲᠡᠭᠷᠢ ᠠᠴᠠ ᠵᠠᠶᠠᠭᠠᠳᠤ ᠳᠦᠷᠦᠭᠰᠡᠨ︾ ᠪᠤᠭᠤ ᠬᠠᠳᠠᠭᠢ᠂ ᠪᠤᠬᠠᠳᠤ | ᠰᠠᠯᠵᠢ᠂ ᠪᠤᠳᠤᠨᠴᠠᠷ ᠮᠤᠩᠬᠠᠭ ᠭᠤᠷᠪᠠᠨ ᠭᠦᠤ ᠲᠠᠢ ᠪᠤᠯᠵᠠᠢ᠃ ᠡᠳᠠ ᠬᠠᠳᠠᠭᠢᠨ᠂ ᠰᠠᠯᠵᠢᠭᠤᠳ᠂ ᠪᠤᠷᠵᠢᠭᠢᠨ | ᠤᠪᠤᠭᠳᠠᠨ ᠪᠤᠯᠪᠠ᠃ ᠡᠨᠡ ᠭᠤᠷᠪᠠᠨ ᠤᠪᠤᠭ ᠠᠴᠠ ᠡᠭᠦᠰᠦᠭᠰᠡᠨ ᠮᠤᠩᠭᠤᠯᠴᠤᠳ ᠢ ︽ᠨᠢᠷᠤᠭᠤᠨ ᠮᠤᠩᠭᠤᠯ︾ | ᠭᠡᠨ᠎ᠠ᠃ ᠨᠢᠷᠤᠭᠤᠨ ᠮᠤᠩᠭᠤᠯ ᠤᠨ ᠪᠤᠷᠵᠢᠭᠢᠨ ᠤᠪᠤᠭ ᠠᠴᠠ ᠬᠤᠷᠢᠭᠠᠳ ᠤᠪᠤᠭ ᠰᠠᠯᠤᠨ ᠭᠠᠷᠴᠠᠢ᠃ | ᠪᠤᠳᠤᠨᠴᠠᠷ ᠪᠤᠯ 10 ᠳ᠋ᠤᠭᠠᠷ ᠵᠠᠭᠤᠨ ᠤ ᠡᠭᠢᠨ ᠤ ᠦᠶ᠎ᠠ ᠶᠢᠨ ᠭᠦᠮᠦᠨ ᠮᠦᠨ᠂ ᠲᠠᠭᠦᠨ ᠤ ᠨᠠᠢᠮᠠᠳᠤᠭᠠᠷ ᠦᠶ᠎ᠠ ᠶᠢᠨ | ᠠᠴᠢ ᠨᠢ ᠲᠠᠮᠤᠵᠢᠨ ᠴᠢᠩᠭᠢᠰ ᠬᠠᠭᠠᠨ ᠶᠤᠮ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |