| 1. ᠠᠪᠤ᠂ ᠡᠵᠢ ᠶᠢᠨ ᠢᠶᠠᠨ ᠥᠭᠡᠳᠡ ᠠᠴᠠ ᠬᠢᠯᠠᠶᠢᠨ ᠬᠠᠷᠠᠬᠤ᠂ ᠬᠡᠳᠡᠷᠯᠡᠬᠦ᠂ ᠬᠠᠷᠢᠶᠠᠯ ᠵᠦᠬᠡᠯ ᠳᠠᠯᠪᠢᠬᠤ ᠦᠭᠡᠢ᠃ | | 2. ᠠᠬᠠᠮᠠᠳ ᠨᠠᠰᠤᠲᠠᠨ ᠤ ᠳᠡᠷᠭᠡᠳᠡ ᠬᠦᠨᠳᠦᠯᠡᠬᠦ ᠶᠢᠨ ᠤᠴᠢᠷ ᠲᠤ ᠡᠯᠳᠡᠪ ᠠᠯᠢᠶ᠎ᠠ ᠱᠠᠯᠢᠭ ᠦᠭᠡ ᠬᠡᠯᠡᠬᠦ ᠶᠢ | ᠴᠡᠭᠡᠷᠯᠡᠨ᠎ᠡ᠃ | 3. ᠡᠴᠢᠬᠡ ᠡᠬᠡ ᠶᠢᠨ ᠢᠶᠠᠨ ᠨᠡᠷ᠎ᠡ ᠶᠢ ᠰᠢᠭᠤᠳ ᠨᠡᠷᠡᠯᠡᠨ ᠳᠠᠭᠤᠳᠠᠬᠤ ᠶᠢ ᠴᠡᠭᠡᠷᠯᠡᠨ᠎ᠡ᠃ ᠬᠡᠷᠪᠡ ᠡᠴᠢᠬᠡ ᠡᠬᠡ | ᠶᠢᠨ ᠨᠡᠷ᠎ᠡ ᠲᠠᠢ ᠠᠳᠠᠯᠢ ᠬᠦᠮᠦᠨ ᠳᠠᠭᠠᠷᠠᠪᠠᠯ ︽ᠬᠡᠴᠡᠬᠦᠦ ᠨᠡᠷᠡᠳᠣ︾ ᠭᠡᠬᠦ ᠪᠣᠶᠣ ᠣᠷᠠᠨ ᠢᠶᠠᠷ ᠡᠶᠡᠷᠡᠬᠦᠯᠦᠨ | ᠵᠠᠶᠢᠯᠠᠭᠤᠯᠵᠣ ᠨᠡᠷᠡᠯᠡᠨ ᠳᠠᠭᠤᠳᠠᠬᠤ ᠶᠣᠰᠣ ᠲᠠᠢ᠃ ᠵᠤᠬᠢᠰ ᠲᠤ ᠨᠡᠶᠢᠴᠡᠭᠦᠯᠦᠨ ᠨᠠᠰᠤᠨ ᠤ ᠬᠢ ᠨᠢ ᠨᠠᠮᠪᠠ | ᠲᠥᠯᠥᠪ ᠲᠤ ᠲᠠᠭᠠᠷᠠᠭᠤᠯᠵᠤ ᠬᠦᠨᠳᠦᠯᠡᠨ ᠭᠤᠸᠠᠶᠢᠯᠠᠵᠤ ᠳᠠᠭᠤᠳᠠᠨ᠎ᠠ᠃ | 4. ᠠᠪᠤ ᠡᠵᠢ ᠪᠠᠨ ᠠᠳᠠ ᠦᠵᠡᠬᠦ ᠦᠭᠡᠢ᠃ ︽ᠡᠷᠬᠢ ᠠᠴᠠ ᠳᠦᠷᠦᠵᠣ ᠡᠯᠰᠡᠦᠨ ᠠᠴᠠ ᠣᠷᠭᠤᠭᠰᠠᠨ ᠪᠢᠰᠢ︾ | ᠳᠣᠯᠠ ᠡᠴᠢᠬᠡ ᠡᠬᠡ ᠪᠠᠨ ᠬᠦᠨᠳᠦᠯᠡᠨ ᠠᠰᠠᠷᠠᠵᠣ ᠦᠬᠡ ᠰᠣᠷᠭᠠᠯ ᠢ ᠨᠢ ᠰᠣᠨᠣᠰᠴᠦ ᠳᠠᠭᠠᠬᠤ ᠶᠢ ᠡᠷᠬᠢᠮᠯᠡᠨ᠎ᠠ᠃ | 5. ᠠᠪᠤ ᠡᠵᠢ ᠶᠢᠨ ᠢᠶᠠᠨ ᠳᠡᠷᠭᠡᠳᠡ ᠠᠷᠢᠬᠢ ᠣᠣᠭᠤᠬᠤ᠂ ᠳᠠᠮᠠᠬᠢ ᠳᠠᠳᠠᠬᠤ ᠶᠢ ᠴᠡᠭᠡᠷᠯᠡᠨ᠎ᠠ᠃ ᠠᠶᠢᠯ ᠭᠡᠷ ᠪᠣᠯᠵᠣ | ᠦᠷ᠎ᠡ ᠬᠡᠣᠬᠡᠳ ᠲᠠᠢ ᠪᠣᠯᠣᠭᠠᠳ ᠡᠴᠢᠭᠡ ᠡᠬᠡ ᠨᠢ ᠠᠷᠢᠬᠢ ᠳᠠᠮᠠᠬᠢᠨ ᠤ ᠴᠡᠭᠡᠷ ᠳᠠᠶᠢᠯᠠᠬᠤ ᠶᠢ ᠵᠦᠪᠰᠢᠶᠡᠷᠡᠭᠰᠡᠨ ᠤ | ᠳᠠᠷᠠᠭ᠎ᠠ ᠰᠠᠶ᠋ᠢ ᠳᠠᠮᠠᠬᠢ ᠳᠠᠳᠠᠬᠤ ᠪᠣᠶᠣ ᠪᠠᠭ᠎ᠠ ᠰᠠᠭ᠎ᠠ ᠠᠷᠢᠬᠢ ᠣᠣᠭᠤᠵᠣ ᠪᠣᠯᠣᠨ᠎ᠠ᠃ | 6. ᠡᠴᠢᠭᠡ ᠶᠢᠨ ᠪᠣᠢ ᠳᠤ ᠡᠴᠢᠭᠡ ᠠᠴᠠ ᠪᠠᠨ ᠢᠯᠡᠬᠦᠦ ᠰᠠᠬᠠᠯ ᠬᠤᠣᠵᠠ ᠳᠠᠯᠪᠢᠬᠤ ᠦᠭᠡᠢ᠃ | 7. ᠠᠪᠤ ᠡᠵᠢ ᠳᠤ ᠪᠠᠨ ᠴᠢᠷᠠᠢ ᠦᠵᠡᠬᠦᠯᠬᠦ ᠪᠣᠶᠣ ᠦᠭᠡᠳᠡ ᠠᠴᠠ ᠨᠢ ᠴᠢᠷᠠᠢ ᠪᠠᠷᠣᠶᠢᠨ ᠠᠰ ᠳᠣᠯᠣᠨ | ᠠᠭᠠᠰᠢᠯᠠᠬᠤ ᠶᠢ ᠴᠡᠭᠡᠷᠯᠡᠨ᠎ᠡ᠃ | 8. ᠡᠴᠢᠬᠡ ᠡᠬᠡ ᠪᠠᠨ ᠠᠭᠤᠷᠯᠠᠭᠤᠯᠵᠣ ᠭᠤᠮᠣᠳᠠᠭᠠᠬᠤ ᠦᠭᠡᠢ᠃ | 9. ᠳᠣᠭᠯᠠᠭᠠᠮ ᠤᠨ ᠶᠠᠷᠢᠶᠠᠨ ᠳᠤ ᠪᠠᠨ ᠡᠴᠢᠭᠡ ᠡᠬᠡ᠂ ᠡᠪᠦᠭᠡ ᠳᠡᠭᠡᠳᠦᠰ ᠲᠤ ᠪᠠᠨ ᠬᠠᠯᠳᠠᠭᠰᠠᠨ ᠬᠠᠷᠢᠶᠠᠯ ᠦᠬᠡ | ᠬᠠᠪᠴᠢᠭᠤᠯᠬᠤ ᠶᠢ ᠳᠠᠰᠣ ᠴᠡᠭᠡᠷᠯᠡᠳᠡᠭ᠃ | 10. ᠡᠪᠦᠭᠡ ᠳᠡᠭᠡᠳᠦᠰ ᠤᠨ ᠢᠶᠠᠨ ᠮᠠᠭᠤᠬᠠᠢ ᠳᠠᠯ᠎ᠠ ᠶᠢ ᠶᠠᠷᠢᠬᠤ ᠶᠢ ᠴᠡᠭᠡᠷᠯᠡᠨ᠎ᠡ᠃ ᠠᠯᠢ ᠰᠠᠶᠢᠨ ᠪᠠ | ᠮᠠᠭᠳᠠᠭᠤᠰᠢᠳᠡᠢ ᠵᠦᠢᠯ ᠢ ᠶᠠᠷᠢᠨ᠎ᠠ᠃ | 11. ᠡᠴᠢᠭᠡ ᠡᠬᠡ ᠶᠢᠨ ᠰᠣᠷᠭᠠᠯ ᠢ ᠬᠢᠴᠢᠶᠡᠨ ᠰᠣᠨᠣᠰᠣᠨ᠎ᠠ᠂ ᠭᠡᠳᠡᠷᠯᠡᠵᠣ ᠵᠠᠩᠨᠠᠬᠤ ᠦᠭᠡᠢ᠃ | 12. ᠡᠴᠢᠬᠡ ᠡᠬᠡ ᠨᠢ ᠭᠠᠷᠴᠦ ᠣᠷᠣᠬᠤ ᠳᠤ ᠨᠢ ᠪᠣᠰᠴᠦ ᠦᠭᠬᠦᠨ᠎ᠠ᠃ | 13. ᠠᠬᠠᠮᠠᠳ ᠨᠠᠰᠣᠳᠠᠨ ᠤ ᠨᠡᠷ᠎ᠡ ᠪᠠᠷ ᠦᠷ᠎ᠡ ᠬᠡᠣᠬᠡᠳ ᠢᠶᠠᠨ ᠨᠡᠷᠡᠯᠡᠬᠦ ᠶᠢ ᠴᠡᠭᠡᠷᠯᠡᠳᠡᠭ᠃ | 14. ᠡᠴᠢᠬᠡ ᠶᠢᠨ ᠦᠭᠭᠦᠭᠰᠡᠨ ᠦᠮᠴᠢ ᠶᠢ ᠪᠠᠭ᠎ᠠ ᠭᠡᠵᠣ ᠴᠢᠮᠠᠯᠠᠬᠤ ᠶᠢ ᠴᠡᠭᠡᠷᠯᠡᠨ᠎ᠡ᠃ ︽ᠨᠢᠭᠡ ᠠᠴᠠ ᠮᠢᠩᠭ᠎ᠠ | ᠪᠣᠯᠵᠣ᠂ ᠨᠢᠮᠭᠡᠨ ᠠᠴᠠ ᠵᠣᠵᠠᠭᠠᠨ ᠪᠣᠯᠣᠨ᠎ᠠ︾ ᠭᠡᠳᠡᠭ᠃ | 15. ᠠᠪᠤ ᠡᠵᠢ ᠶᠢᠨ ᠠᠴᠢ ᠭᠠᠪᠢᠶ᠎ᠠ ᠶᠢ ᠮᠠᠭᠳᠠᠨ ᠳᠠᠭᠤᠯᠠᠭᠰᠠᠨ ᠳᠠᠭᠤᠣ ᠰᠢᠯᠦᠭ ᠢ ᠰᠣᠷᠴᠣ ᠪᠠᠶᠠᠷ ᠨᠠᠶᠢᠷ ᠤᠨ | ᠡᠳᠣᠷ ᠳᠠᠭᠤᠯᠠᠬᠤ ᠪᠣᠶᠣ ᠰᠢᠯᠦᠭᠯᠡᠵᠣ ᠠᠪᠤ ᠡᠵᠢ ᠶᠢᠨ ᠢᠶᠠᠨ ᠶᠠᠳᠠᠷᠠᠭ᠎ᠠ ᠴᠢᠯᠡᠭᠡ ᠪᠣᠶᠣ ᠰᠡᠳᠬᠢᠯ ᠤᠨ ᠵᠦᠳᠡᠷᠡᠭᠡ ᠶᠢ | ᠨᠢ ᠳᠠᠶᠢᠯᠵᠣ ᠪᠣᠯᠣᠨ᠎ᠠ᠃ | 16. ᠴᠢᠯᠦᠭᠡ ᠭᠠᠷᠪᠠᠯ ᠠᠵᠢᠯ ᠮᠣᠳᠣᠨ ᠳᠤ ᠨᠢ ᠬᠠᠪᠰᠣᠷᠤᠭᠠ ᠳᠡᠮ ᠪᠣᠯᠵᠣ ᠶᠠᠪᠣᠨ᠎ᠠ᠃ | 17. ᠦᠷᠬᠦᠯᠵᠢ ᠦᠵᠡᠵᠣ ᠬᠠᠷᠠᠵᠣ ᠰᠡᠳᠬᠢᠯ ᠤᠨ ᠦᠭᠡ ᠪᠠᠨ ᠶᠠᠷᠢᠯᠴᠠᠵᠣ ᠰᠠᠭᠤᠨ᠎ᠠ᠃ | 18. ᠢᠳᠡᠵᠣ ᠣᠣᠭᠤᠬᠤ ᠶᠢ ᠨᠢ ᠣᠶᠢᠷᠠᠳᠠᠭᠤᠯᠵᠣ ᠬᠠᠯᠠᠭᠤᠨ ᠪᠡᠯᠡᠭᠡᠨ ᠪᠠᠶᠢᠯᠭᠠᠨ᠎ᠠ᠃ | 19. ᠬᠤᠪᠴᠠᠰᠣ ᠬᠤᠨᠠᠷ ᠢ ᠨᠢ ᠦᠷᠭᠦᠯᠵᠢ ᠣᠬᠢᠶᠠᠵᠣ ᠦᠭᠬᠦᠨ ᠠᠷᠢᠭᠤᠨ ᠴᠠᠪᠠᠷ ᠠᠪᠴᠣ ᠶᠠᠪᠣᠨ᠎ᠠ᠃ | 20. ᠪᠠᠶᠠᠷ ᠳᠣᠷᠠᠰᠬᠠᠯ ᠤᠨ ᠡᠳᠣᠷ᠂ ᠲᠦᠷᠦᠭᠰᠡᠨ ᠡᠳᠣᠷ ᠤᠨ ᠪᠠᠶᠠᠷ ᠢ ᠬᠠᠮᠳᠣ ᠪᠠᠷ ᠦᠩᠭᠡᠷᠡᠭᠡᠨ᠎ᠡ᠃ | 21. ᠨᠠᠰᠣᠳᠡᠳ ᠤᠨ ᠬᠤᠪᠴᠠᠰᠣ ᠬᠤᠨᠠᠷ ᠤᠨ ᠳᠡᠭᠡᠭᠦᠷ ᠠᠯᠬᠤᠬᠤ ᠶᠢ ᠴᠡᠭᠡᠷᠯᠡᠨ᠎ᠡ᠃ | 22. ᠨᠠᠰᠣᠳᠡᠶᠢᠴᠣᠳ ᠤᠨ ᠡᠮᠦᠨ᠎ᠡ ᠨᠢᠷᠣᠭᠤ ᠡᠭᠦᠷᠴᠦ ᠰᠦᠪᠡᠭᠡ ᠳᠣᠯᠬᠤ ᠦᠭᠡᠢ᠃ | 23. ᠠᠬᠠᠮᠠᠳ ᠬᠦᠮᠦᠨ ᠪᠣᠶᠣ ᠨᠠᠰᠣᠳᠡᠨ ᠪᠣᠭᠤᠷᠣᠯ ᠤᠨ ᠮᠠᠯᠠᠭᠠᠢ᠂ ᠳᠡᠷᠢᠬᠦᠨ ᠳᠤ ᠭᠠᠷ ᠬᠦᠷᠬᠦ ᠶᠢ ᠴᠡᠭᠡᠷᠯᠡᠨ᠎ᠡ᠃ | | 24. ᠠᠬᠠᠮᠠᠳ ᠨᠠᠰᠣᠳᠡᠨ ᠲᠠᠢ ᠬᠠᠮᠳᠣ ᠬᠤᠭᠤᠯᠠᠯᠠᠬᠤ ᠳᠤ ᠪᠠᠨ ᠣᠷᠢᠳ ᠢᠶᠠᠷ ᠢᠳᠡᠵᠣ ᠣᠣᠭᠤᠬᠤ ᠦᠭᠡᠢ᠃ | ᠠᠬᠠᠮᠠᠳ ᠨᠢ ᠠᠮᠰᠠᠭᠰᠠᠨ ᠤ ᠳᠠᠷᠠᠭ᠎ᠠ ᠰᠠᠶ᠋ᠢ ᠢᠳᠡᠵᠣ ᠣᠣᠭᠤᠨ᠎ᠠ᠃ | 25. ᠠᠬᠠᠮᠠᠳ ᠨᠠᠰᠣᠳᠡᠨ ᠢ ︽ᠴᠢ︾ ᠭᠡᠵᠣ ᠬᠡᠯᠡᠬᠦ ᠶᠢ ᠴᠡᠭᠡᠷᠯᠡᠳᠡᠭ᠃ ︽ᠲᠠ︾ ᠭᠡᠵᠣ ᠬᠦᠨᠳᠣᠳᠭᠡᠨ | ᠳᠠᠭᠤᠳᠠᠨ᠎ᠠ᠃ | 26. ᠠᠬᠠᠮᠠᠳ ᠨᠠᠰᠣᠳᠠᠨ ᠳᠤ ᠴᠠᠢ ᠪᠣᠳᠠᠭ᠎ᠠ ᠠᠶᠠᠭᠠᠯᠠᠬᠤ ᠳᠤ ᠪᠠᠨ ᠴᠦᠮ ᠪᠠᠷᠠᠭᠤᠨ ᠭᠠᠷ ᠢᠶᠠᠷ ᠬᠦᠢᠴᠡᠳᠭᠡᠨ᠎ᠡ᠃ | ᠵᠡᠬᠦᠨ ᠭᠠᠷ ᠢᠶᠠᠷ ᠢᠶᠠᠨ ᠬᠦᠢᠴᠡᠳᠭᠡᠬᠦ ᠶᠢ ᠴᠡᠭᠡᠷᠯᠡᠳᠡᠭ᠃ | 27. ᠠᠪᠤ ᠡᠵᠢ ᠶᠢᠨ ᠢᠶᠠᠨ ᠣᠯᠣᠭᠰᠠᠨ ᠵᠣᠭᠤᠰ ᠢ ᠪᠦᠷᠢᠯᠭᠡᠨ ᠰᠦᠢᠳᠭᠡᠬᠦ ᠦᠭᠡᠢ᠂ ᠠᠷᠪᠢᠯᠠᠨ ᠭᠠᠮᠨᠠᠨ ᠵᠠᠷᠣᠨ᠎ᠠ᠃ | | 28. ᠦᠪᠡᠷ ᠤᠨ ᠬᠢᠴᠢᠶᠠᠯ ᠰᠣᠷᠣᠯᠭ᠎ᠠ ᠳᠤ ᠪᠠᠨ ᠴᠢᠷᠮᠠᠶᠢᠨ᠎ᠠ᠃ | 29. ᠦᠪᠡᠷ ᠤᠨ ᠠᠵᠢᠯ ᠦᠢᠯᠡᠰ ᠲᠤ ᠪᠠᠨ ᠭᠠᠪᠰᠢᠭᠠᠶᠢᠯᠠᠨ ᠠᠵᠢᠯᠯᠠᠨ᠎ᠠ᠃ | 30. ᠬᠡᠷ ᠪᠦᠯᠢ ᠳᠤ ᠪᠠᠨ ᠡᠶ᠎ᠡ ᠨᠠᠶᠢᠷ ᠲᠠᠢ ᠪᠠᠶᠢᠵᠣ᠂ ᠬᠡᠷᠡᠯᠳᠣᠵᠣ ᠵᠣᠳᠣᠯᠳᠣᠬᠤ ᠦᠭᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |