| ᠦᠭᠡ᠄ ᠯ᠊ · ᠳᠠᠭᠸᠠᠳᠤᠷᠵᠢ | ᠠᠶ᠎ᠠ᠄ ᠭᠡ᠊ · ᠰᠡᠷᠭᠦᠯᠡᠩ | ᠡᠩᠬᠡᠵᠤᠯᠠ᠂ ᠴᠢᠩᠪᠠᠶᠠᠷ ᠳᠠᠭᠤᠯᠠᠨ᠎ᠠ | | ᠳᠠᠭᠤᠤ ᠳᠠᠭᠤᠨ ᠤ ᠰᠠᠶᠢᠬᠠᠨ ᠢ ᠳᠠᠭᠤᠯᠠᠭᠠᠴᠢ ᠲᠠ ᠳᠡᠯᠡᠬᠡᠢ ᠮᠢᠨᠢ | ᠴᠡᠴᠡᠭ ᠴᠡᠴᠡᠭᠡᠰ ᠤᠨ ᠭᠤᠶᠣᠮᠰᠤᠭ ᠢ ᠲᠡᠪᠡᠷᠢᠭᠡᠳ ᠢᠨᠢᠶᠡᠭᠡᠴᠢ ᠬᠥᠮᠥᠰ ᠮᠢᠨᠢ | ᠡᠵᠢ ᠡᠵᠢ ᠶᠢᠨ ᠬᠡᠦᠬᠡᠳ ᠤᠳ ᠢᠯᠭᠠᠯ ᠦᠭᠡᠢ ᠪᠢᠯᠡ ᠳᠡᠯᠡᠬᠡᠢ ᠮᠢᠨᠢ | ᠡᠬᠡ ᠬᠥᠮᠥᠨ ᠤ ᠰᠡᠳᠬᠢᠯ ᠦᠷ᠎ᠡ ᠳᠡᠭᠡᠨ ᠵᠢᠷᠭᠠᠯ ᠢ ᠬᠦᠰᠡᠨ᠎ᠡ ᠬᠥᠮᠥᠰ ᠮᠢᠨᠢ | ᠨᠠᠷᠠ ᠨᠠᠷᠠᠨ ᠤ ᠰᠠᠴᠤᠷᠠᠭ ᠢ ᠠᠳᠬᠤᠭᠠᠴᠢ ᠲᠠ ᠳᠡᠯᠡᠬᠡᠢ ᠮᠢᠨᠢ | ᠨᠠᠶᠢᠷᠠᠭ ᠰᠢᠯᠦᠭ ᠤᠨ ᠰᠠᠨᠠᠭ᠎ᠠ ᠶᠢ ᠵᠢᠷᠦᠬᠡᠨ ᠳᠤ ᠮᠢᠨᠢ ᠢᠯᠡᠭᠡᠭᠡᠴᠢ ᠬᠥᠮᠥᠰ ᠮᠢᠨᠢ | ᠬᠥᠮᠥᠨ ᠠᠴᠠ ᠳᠡᠭᠡᠳᠦ ᠤᠬᠠᠭᠠᠨᠲᠠᠨ ᠭᠡᠵᠦ ᠪᠠᠶᠢᠬᠤ ᠦᠭᠡᠢ ᠪᠢᠯᠡ ᠳᠡᠯᠡᠬᠡᠢ ᠮᠢᠨᠢ | ᠬᠥᠮᠥᠨ ᠪᠢᠳᠠ ᠳᠡᠭᠡᠬᠦᠯᠡᠷ ᠢᠶᠠᠨ ᠳᠡᠯᠡᠬᠡᠢ ᠳᠡᠭᠡᠨ ᠳᠡᠭᠡᠳᠦ ᠨᠢ ᠪᠢᠯᠡ ᠬᠥᠮᠥᠰ ᠮᠢᠨᠢ | ᠬᠥᠮᠥᠨ ᠠᠴᠠ ᠳᠡᠭᠡᠳᠦ ᠤᠬᠠᠭᠠᠨᠲᠠᠨ ᠭᠡᠵᠦ ᠪᠠᠶᠢᠬᠤ ᠦᠭᠡᠢ ᠪᠢᠯᠡ ᠳᠡᠯᠡᠬᠡᠢ ᠮᠢᠨᠢ | ᠬᠥᠮᠥᠨ ᠪᠢᠳᠠ ᠳᠡᠭᠡᠬᠦᠯᠡᠷ ᠢᠶᠠᠨ ᠳᠡᠯᠡᠬᠡᠢ ᠳᠡᠭᠡᠨ ᠳᠡᠭᠡᠳᠦ ᠨᠢ ᠪᠢᠯᠡ ᠬᠥᠮᠥᠰ ᠮᠢᠨᠢ | | ᠬᠥᠯᠥᠭ ᠬᠥᠯᠥᠭ ᠤᠨ ᠬᠤᠷᠳᠤᠨ ᠢ ᠨᠢᠰᠬᠡᠭᠡᠴᠢ ᠲᠠ ᠳᠡᠯᠡᠬᠡᠢ ᠮᠢᠨᠢ | ᠬᠤᠯᠠ ᠶᠢᠨ ᠭᠠᠷᠠᠭ ᠲᠤ ᠴᠡᠴᠡᠭᠡᠰ ᠢ ᠤᠷᠭᠤᠭᠤᠯᠤᠭᠠᠳ ᠢᠷᠡᠭᠡᠴᠢ ᠬᠥᠮᠥᠰ ᠮᠢᠨᠢ | ᠰᠠᠨᠰᠠᠷ ᠤᠨ ᠠᠭᠤᠳᠠᠮ ᠳᠤ ᠬᠦᠦ ᠪᠠᠨ ᠡᠵᠢ ᠨᠢ ᠬᠦᠯᠢᠶᠡᠵᠦ ᠪᠠᠶᠢᠭ ᠳᠡᠯᠡᠬᠡᠢ ᠮᠢᠨᠢ | ᠰᠠᠶᠢᠨ ᠦᠢᠯᠡᠰᠲᠦ ᠤᠴᠠᠷᠠᠯ ᠢ ᠦᠵᠡᠵᠦ ᠤᠶᠠᠷᠠᠨ ᠢᠨᠢᠶᠡᠶ᠎ᠡ ᠬᠥᠮᠥᠰ ᠮᠢᠨᠢ | ᠡᠵᠢ ᠡᠵᠢ ᠶᠢᠨ ᠬᠡᠦᠬᠡᠳ ᠤᠳ ᠢᠯᠭᠠᠯ ᠦᠭᠡᠢ ᠪᠢᠯᠡ ᠳᠡᠯᠡᠬᠡᠢ ᠮᠢᠨᠢ | ᠡᠬᠡ ᠬᠥᠮᠥᠨ ᠤ ᠰᠡᠳᠬᠢᠯ ᠦᠷ᠎ᠡ ᠳᠡᠭᠡᠨ ᠵᠢᠷᠭᠠᠯ ᠢ ᠬᠦᠰᠡᠨ᠎ᠡ ᠬᠥᠮᠥᠰ ᠮᠢᠨᠢ | ᠡᠬᠡ ᠬᠥᠮᠥᠨ ᠤ ᠰᠡᠳᠬᠢᠯ ᠦᠷ᠎ᠡ ᠳᠡᠭᠡᠨ ᠵᠢᠷᠭᠠᠯ ᠢ ᠬᠦᠰᠡᠨ᠎ᠡ ᠬᠥᠮᠥᠰ ᠮᠢᠨᠢ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | | |