| ᠲᠠᠭᠤᠴᠢᠨ᠄ ᠰᠠᠨᠠᠨᠴᠢᠷ | | ᠬᠠᠶᠢᠷᠠᠲᠠᠢ ᠰᠢᠤ ᠭᠡᠵᠤ ᠴᠢ ᠮᠢᠨᠢ ᠴᠢᠬᠢᠨ ᠳᠤ ᠰᠢᠪᠡᠨᠡᠯ᠎ᠡ | ᠬᠠᠶᠢᠷ᠎ᠠ ᠶᠠᠭᠤ ᠪᠤᠢ᠂ ᠭᠡᠵᠤ ᠦᠪᠡᠷ ᠠᠴᠠ ᠪᠠᠨ ᠪᠢ ᠠᠰᠠᠭᠤᠯ᠎ᠠ ᠳ᠋ᠠ | ᠬᠠᠷᠠᠩᠭᠤᠢ ᠰᠦᠨᠢ ᠶᠢᠨ ᠪᠤᠷᠤᠭᠠᠨ ᠢᠶᠠᠷ | ᠬᠡᠨ ᠢ ᠬᠠᠷᠠᠭᠤᠯᠳᠠᠨ ᠵᠣᠭᠰᠣᠨᠠᠮ ᠪᠤᠢ︖ | ᠬᠠᠷᠠᠩᠭᠤᠢ ᠰᠦᠨᠢ ᠶᠢᠨ ᠪᠤᠷᠤᠭᠠᠨ ᠢᠶᠠᠷ | ᠬᠡᠨ ᠢ ᠬᠠᠷᠠᠭᠤᠯᠳᠠᠨ ᠵᠣᠭᠰᠣᠨᠠᠮ ᠪᠤᠢ︖ ᠬᠠᠶᠢᠷ᠎ᠠ ᠡᠨᠡ ᠮᠦᠨ ᠤᠤ︖ | | ᠬᠠᠵᠠᠭᠤ ᠳᠤ ᠮᠢᠨᠢ ᠴᠢ ᠲᠠᠩᠲᠠ ᠨᠢᠯᠬᠠᠷᠠᠨ᠎ᠠ | ᠬᠤᠨᠤᠭ ᠡᠳᠤᠷ ᠤᠨ ᠬᠤᠪᠤᠷᠬᠠᠨ ᠴᠢ ᠮᠢᠨᠢ | ᠭᠡᠭᠡᠨ ᠵᠡᠬᠦᠳᠤᠨ ᠤ ᠲᠡᠭᠷᠢ ᠲᠠᠢ | ᠭᠠᠭᠴᠠᠬᠠᠨ ᠴᠢᠮ᠎ᠠ ᠲᠠᠢ ᠪᠠᠶᠢᠳᠠᠭ ᠰᠢᠤ | ᠭᠡᠭᠡᠨ ᠵᠡᠬᠦᠳᠤᠨ ᠤ ᠲᠡᠭᠷᠢ ᠲᠠᠢ | ᠭᠠᠭᠴᠠᠬᠠᠨ ᠴᠢᠮ᠎ᠠ ᠲᠠᠢ ᠯᠡ ᠪᠠᠶᠢᠳᠠᠭ ᠰᠢᠤ ᠤᠴᠠᠷᠠᠭᠰᠠᠨ ᠬᠠᠶᠢᠷ᠎ᠠ ᠮᠢᠨᠢ ᠡ | | ᠬᠠᠷᠠᠩᠭᠤᠢ ᠰᠦᠨᠢ ᠶᠢᠨ ᠪᠤᠷᠤᠭᠠᠨ ᠢᠶᠠᠷ | ᠬᠡᠨ ᠢ ᠬᠠᠷᠠᠭᠤᠯᠳᠠᠨ ᠵᠣᠭᠰᠣᠨᠠᠮ ᠪᠤᠢ︖ ᠬᠠᠶᠢᠷ᠎ᠠ ᠡᠨᠡ ᠮᠦᠨ ᠤᠤ︖ | | ᠢᠳᠡᠭᠡᠭᠡᠷᠡᠢ ᠭᠡᠵᠤ ᠴᠢ ᠮᠢᠨᠢ ᠵᠢᠷᠤᠬᠡᠨ ᠳᠤ ᠰᠢᠪᠡᠨᠡᠯ᠎ᠡ | ᠢᠳᠡᠭᠡᠯ ᠶᠠᠭᠤ ᠪᠤᠢ᠂ ᠬᠡᠵᠤ ᠦᠪᠡᠷ ᠠᠴᠠ ᠪᠢ ᠠᠰᠠᠭᠤᠯ᠎ᠠ ᠳ᠋ᠠ | ᠬᠠᠶᠢᠷ᠎ᠠ ᠶᠢᠨ ᠵᠦᠭᠡᠯᠡᠨ ᠵᠦᠰᠡᠷᠡᠭᠡᠨ ᠢᠶᠠᠷ | ᠬᠠᠮᠤᠭ ᠠᠴᠠ ᠴᠢᠮ᠎ᠠ ᠳᠠᠭᠠᠨ ᠢᠳᠡᠭᠡᠳᠡᠭ ᠰᠢᠤ᠂ ᠡᠩᠬᠦᠷᠡᠢ ᠮᠢᠨᠢ | ᠬᠠᠶᠢᠷ᠎ᠠ ᠶᠢᠨ ᠵᠦᠭᠡᠯᠡᠨ ᠵᠦᠰᠡᠷᠡᠭᠡᠨ ᠢᠶᠠᠷ | ᠬᠠᠮᠤᠭ ᠠᠴᠠ ᠴᠢᠮ᠎ᠠ ᠳᠠᠭᠠᠨ ᠢᠳᠡᠭᠡᠳᠡᠭ ᠰᠢᠤ᠂ ᠡᠩᠬᠦᠷᠡᠶᠢᠬᠡᠨ ᠮᠢᠨᠢ | ᠬᠠᠷᠠᠩᠭᠤᠢ ᠰᠦᠨᠢ ᠶᠢᠨ ᠪᠤᠷᠤᠭᠠᠨ ᠢᠶᠠᠷ | ᠬᠡᠨ ᠢ ᠬᠠᠷᠠᠭᠤᠯᠳᠠᠨ ᠵᠣᠭᠰᠣᠨᠠᠮ ᠪᠤᠢ︖ ᠬᠠᠶᠢᠷ᠎ᠠ ᠡᠨᠡ ᠮᠦᠨ ᠤᠤ︖ | ᠬᠠᠶᠢᠷ᠎ᠠ ᠡᠨᠡ ᠮᠦᠨ ᠤᠤ︖ | | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |