ᠤᠯᠠᠷᠢᠯ ᠵᠢᠷᠤᠭᠴᠢ
ᠨᠡᠶᠢᠲᠡᠯᠡᠭᠰᠡᠨ ᠴᠠᠭ᠄
2020/10/29
ᠲ᠊ · ᠨᠠᠶᠠᠨᠲᠠᠢ                                         ᠴᠡᠴᠡᠭᠡᠰ ᠨᠢ ᠮᠢᠰᠢᠶᠡᠭᠰᠡᠨ ᠠᠮᠤᠭᠤᠯᠠᠩ ᠲᠠᠯ᠎ᠠ ᠪᠠᠨ ᠬᠠᠪᠤᠷ ᠢᠶᠠᠷ ᠡᠮᠵᠢᠵᠤ ᠪᠦᠲᠦᠨ ᠵᠢᠷᠤᠳᠠᠭ ᠪᠤᠳᠤᠭᠤᠨ ᠤ ᠲᠤᠷᠭᠠᠨ ᠤᠷᠤᠭᠤᠯ ᠰᠢᠭ᠋ ᠨᠠᠷᠠ ᠶᠢ ᠲᠤᠭᠤᠨᠤᠨ ᠳᠡᠭᠡᠷ᠎ᠡ ᠪᠠᠨ ᠮᠠᠨᠳᠤᠭᠤᠯᠵᠤ ᠵᠢᠷᠤᠳᠠᠭ ᠨᠠᠭᠤᠷ ᠤᠨ ᠬᠦᠪᠡᠭᠡᠨ ᠳᠤ ᠬᠠᠯᠢᠭᠤᠷᠠᠬᠤ ᠵᠡᠭᠡᠰᠦ ᠶᠢ ᠨᠠᠮᠤᠷ ᠲᠠᠢ ᠨᠢ ᠪᠦᠵᠢᠭᠯᠡᠭᠦᠯᠵᠤ ᠵᠢᠷᠤᠳᠠᠭ ᠲᠤᠤᠷᠠᠢ ᠨᠢ  ᠰᠢᠷᠭᠠᠯᠳᠤᠬᠤ ᠠᠯᠳᠠᠩᠬᠠᠨ ᠭᠤᠪᠢ ᠶᠢ ᠲᠣᠩᠭᠤᠴᠢᠭᠰᠠᠨ ᠵᠡᠷᠭᠡᠯᠭᠡᠨ ᠳᠤᠮᠳᠠ ᠨᠢ ᠵᠢᠷᠤᠳᠠᠭ ᠬᠦᠰᠡᠯ ᠢᠶᠠᠨ ᠰᠢᠪᠰᠢᠵᠤ ᠴᠢᠳᠠᠭ᠎ᠠ ᠦᠭᠡᠢ ᠬᠠᠪᠤᠷ ᠢ ᠰᠡᠳᠬᠢᠯ ᠳᠤ ᠪᠠᠨ ᠯᠠ ᠵᠢᠷᠤᠵᠤ ᠪᠦᠲᠦᠭᠡᠳᠡᠭ ᠨᠠᠳᠠ ᠳᠤ ᠴᠦ ᠬᠡᠯᠡᠭᠡ ᠦᠭᠡᠢ ᠨᠢᠭᠤᠴᠠ ᠪᠠᠨ ᠰᠠᠯᠬᠢᠨ ᠤ ᠤᠷᠤᠭᠤᠯ ᠳᠡᠭᠡᠷ᠎ᠡ ᠳᠡᠳᠡ ᠵᠢᠷᠤᠳᠠᠭ ᠲᠠᠩᠴᠤ ᠡᠷᠲᠡ ᠦᠩᠭᠡᠷᠡᠭᠰᠡᠨ‌ᠨᠠᠮᠤᠷ ᠢ ᠨᠠᠪᠴᠢᠰ ᠢᠶᠠᠨ ᠲᠡᠪᠡᠷᠢᠵᠤ ᠪᠠᠶᠢᠬᠤ ᠪᠠᠷ ᠨᠢ ᠵᠢᠷᠤᠳᠠᠭ ᠳᠠᠩᠳᠠ ᠡᠷᠲᠡ  ᠪᠤᠴᠠᠳᠠᠭ ᠰᠢᠪᠠᠭᠤᠳ ᠢ ᠨᠠᠮᠤᠷ ᠢᠶᠠᠨ ᠦᠭᠡᠶᠢᠯᠡᠵᠦ ᠪᠠᠶᠢᠬᠤ ᠪᠠᠷ ᠨᠢ ᠵᠢᠷᠤᠳᠠᠭ ᠮᠡᠯᠳᠡᠯᠵᠡᠭᠰᠡᠨ ᠬᠠᠶᠢᠯ ᠤᠨ ᠤᠰᠤᠨ ᠳᠤ ᠮᠡᠯᠮᠡᠷᠡᠭᠰᠡᠨ ᠤᠳᠤᠳ ᠰᠡᠷᠢᠬᠦᠴᠡᠵᠦ ᠪᠠᠶᠢᠬᠤ ᠪᠠᠷ ᠵᠢᠷᠤᠳᠠᠭ ᠠᠭᠠᠬᠢᠮ᠎ᠠ ᠵᠤᠨ ᠤ  ᠴᠡᠴᠡᠭ ᠢ ᠠᠮᠢᠰᠬᠤᠵᠤ ᠪᠠᠶᠢᠬᠤ ᠪᠠᠷ ᠵᠢᠷᠤᠳᠠᠭ ᠢᠰᠡᠬᠡᠢ ᠴᠠᠭᠠᠨ ᠡᠪᠦᠯ ᠢ ᠴᠠᠰᠦ ᠨᠢ ᠬᠠᠶᠠᠯᠠᠵᠤ ᠪᠠᠶᠢᠬᠤ ᠪᠠᠷ ᠵᠢᠷᠤᠳᠠᠭ ᠴᠠᠩ ᠲᠠᠢ ᠮᠦᠩᠭᠦᠨ ᠮᠤᠲᠤ ᠶᠢ ᠴᠠᠯ ᠪᠤᠭᠤᠷᠤᠯ ᠪᠤᠯᠭᠠᠵᠤ ᠵᠢᠷᠤᠳᠠᠭ ᠠᠶᠤᠩᠭ᠎ᠠ ᠲᠠᠢ ᠨᠢᠵᠢᠭᠢᠨᠡᠵᠤ ᠢᠷᠡᠭᠰᠡᠨ ᠵᠤᠨ ᠢ ᠠᠨᠢᠷ ᠭᠦᠮᠬᠡᠨ᠂ ᠨᠢᠭᠡ ᠯᠠ ᠠᠮᠢᠰᠬᠤᠭ᠎ᠠ ᠪᠠᠷ ᠵᠢᠷᠤᠳᠠᠭ ᠠᠯᠤᠰ ᠢ ᠴᠢᠩᠨᠠᠨ ᠤᠷᠭᠤᠬᠤ ᠡᠪᠡᠰᠦ ᠲᠠᠢ ᠨᠢ ᠬᠠᠮᠲᠦ ᠠᠭᠤᠯᠠ ᠡᠭᠦᠯᠡ ᠬᠤᠶᠠᠷ ᠢ ᠦᠨᠦᠰᠦᠯᠳᠦᠭᠦᠯᠵᠤ ᠵᠢᠷᠤᠳᠠᠭ ᠲᠤᠯᠢ ᠮᠦᠩᠭᠦᠨ ᠡᠪᠦᠯ ᠤᠨ ᠵᠢᠷᠤᠭ ᠢ ᠤᠷᠲᠤ ᠶᠢᠨ ᠳᠠᠭᠤᠨ ᠳᠤ ᠪᠦᠯᠢᠶᠡᠰᠴᠦ ᠪᠠᠶᠢᠬᠤ ᠳᠤ ᠨᠢ ᠵᠢᠷᠤᠳᠠᠭ ᠭᠤᠪᠢ ᠪᠠᠨ ᠬᠠᠷᠠᠵᠤ ᠰᠡᠷᠢᠭᠦᠴᠡᠳᠡᠭ ᠲᠡᠮᠡᠭᠡᠳ ᠢ ᠤᠰᠤᠨ ᠳᠠᠭᠠᠨ ᠳᠡᠷᠭᠡᠭᠡᠳ ᠢᠷᠡᠵᠦ ᠪᠠᠶᠢᠬᠤ ᠳᠤ ᠨᠢ ᠵᠢᠷᠤᠳᠠᠭ   ᠡᠷᠭᠢᠵᠦ ᠡᠭᠡᠯᠵᠢᠯᠡᠬᠦ ᠲᠦᠷᠪᠡᠨ ᠴᠠᠭ ᠢ ᠡᠭᠡᠰᠢᠭᠯᠡᠩᠲᠦ ᠮᠡᠳᠡᠷᠡᠮᠵᠢ ᠶᠢᠨ ᠳᠡᠯᠭᠡᠴᠡᠨ ᠳᠡᠭᠡᠷ᠎ᠡ ᠵᠢᠷᠦᠯ᠎ᠠ ᠡᠭᠡᠯ ᠮᠢᠨᠦ ᠵᠢᠷᠤᠭᠰᠠᠨ ᠵᠢᠷᠤᠭ ᠭᠡᠵᠤ ᠬᠠᠷ᠎ᠠ ᠪᠤᠷᠤ ᠠᠮᠢᠳᠤᠷᠠᠯ ᠤᠨ ᠲᠠᠳᠠᠯᠪᠤᠷᠢ ᠶᠤᠮ         ᠨᠡᠷ᠎ᠡ᠄ ᠲ᠊ · ᠨᠠᠶᠠᠨᠲᠠᠢᠨᠤᠲᠤᠭ᠄ ᠠᠯᠠᠱᠠ ᠵᠡᠭᠦᠨ ᠬᠤᠰᠢᠭᠤᠨ ᠤ ᠵᠢᠷᠠᠳᠠᠢ ᠰᠤᠮᠤᠨ ᠤ ᠲᠤᠭᠯᠢ ᠭᠠᠴᠠᠭ᠎ᠠᠤᠳᠤ ᠶᠢᠨ ᠬᠠᠶ᠋ᠢᠭ᠄ ᠦᠪᠦᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ︿︿ᠦᠨᠢᠷ ᠴᠡᠴᠡᠭ﹀﹀ ᠰᠡᠳᠬᠦᠯ ᠤᠨ ᠬᠤᠷᠢᠶᠠᠨ ᠤ ︿︿ᠳᠡᠯᠡᠬᠡᠢ ᠶᠢᠨ ᠤᠳᠬ᠎ᠠ ᠵᠤᠬᠢᠶᠠᠯ﹀﹀ ᠰᠡᠳᠬᠦᠯ ᠤᠨ ᠨᠠᠶᠢᠷᠠᠭᠤᠯᠬᠤ ᠬᠡᠯᠳᠡᠰᠤᠳᠠᠰᠦ᠄ 15204839633 ~ 17800601903        
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号