| ᠶᠡᠷᠦᠨᠢ ᠣᠷᠲᠣ ᠬᠤᠭᠤᠴᠠᠭ᠎ᠠ ᠪᠠᠷ ᠰᠦᠨᠢᠵᠢᠨ ᠠᠵᠢᠯᠯᠠᠪᠠᠯ ᠨᠢᠲᠦᠨ ᠤ ᠬᠡᠰᠡᠭ ᠤᠨ ᠪᠣᠯᠴᠢᠩ ᠰᠣᠯᠠᠷᠠᠵᠦ᠂ ᠨᠢᠲᠣ | ᠬᠠᠪᠣᠳᠴᠦ ᠬᠦᠭᠡᠷᠡᠭᠰᠡᠨ ᠮᠡᠲᠦ ᠪᠣᠯᠲᠠᠬ᠃ ᠲᠡᠷᠡᠴᠢᠯᠡᠨ ᠣᠷᠲᠣ ᠬᠤᠭᠤᠴᠠᠭ᠎ᠠ ᠪᠠᠷ ᠨᠢᠲᠦ ᠬᠠᠪᠣᠳᠴᠦ ᠬᠦᠭᠡᠷᠡᠪᠡᠯ | ᠦᠯᠲᠡᠵᠦ ᠲᠡᠶᠢᠯᠦᠰᠢ ᠦᠭᠡᠢ ᠣᠨᠵᠢᠬᠢᠷ ᠠᠨᠢᠰᠬ᠎ᠠ ᠪᠣᠯᠬᠤ ᠶᠣᠮ᠃ | 1. ᠱᠦᠯᠲᠦᠯᠢᠭ ᠰᠢᠩᠭᠡᠨ ᠢᠶᠠᠷ ᠢᠯᠢᠵᠦ ᠨᠣᠬᠤᠯᠠᠬᠤ᠄ ᠣᠷᠢᠲᠠᠪᠠᠷ ᠱᠦᠯᠲᠦᠯᠢᠭ ᠰᠢᠩᠭᠡᠨ ᠢ ᠠᠯᠠᠭᠠᠨ ᠲᠡᠭᠡᠷ᠎ᠡ ᠪᠠᠨ | ᠲᠦᠷᠬᠢᠵᠦ᠂ ᠬᠠᠪᠣᠳᠴᠦ ᠬᠦᠭᠡᠷᠡᠭᠰᠡᠨ ᠨᠢᠲᠦᠨ ᠤ ᠬᠡᠰᠡᠭ ᠲᠤ ᠪᠠᠨ ᠬᠦᠩᠭᠡᠭᠡᠨ ᠭᠡᠭᠴᠢ ᠲᠠᠷᠣᠵᠦ ᠪᠠᠭ᠎ᠠ ᠣᠲᠠᠰᠬᠢᠨᠠ᠃ | ᠡᠨᠡ ᠮᠡᠲᠦ ᠪᠠᠷ ᠦᠷᠬᠦᠯᠵᠢᠯᠡᠨ 3 ᠣᠲᠠᠭ᠎ᠠ ᠬᠢᠪᠡᠯ ᠨᠢᠲᠣ ᠬᠠᠪᠣᠳᠴᠦ ᠬᠦᠭᠡᠷᠡᠭᠰᠡᠨ ᠢ ᠨᠠᠮᠲᠠᠭᠤᠯᠬᠤ ᠪᠣᠯᠣᠨ᠎ᠠ᠃ | 2. ᠨᠢᠲᠣᠨ ᠪᠦᠷᠬᠦᠬᠦᠯ ᠳᠤ ᠣᠰᠣ ᠨᠦᠬᠦᠪᠦᠷᠢᠯᠡᠵᠦ ᠬᠠᠪᠣᠲᠣᠬᠰᠠᠨ ᠢ ᠨᠠᠮᠲᠠᠭᠠᠬᠤ᠄ ᠰᠦᠨᠢᠵᠢᠨ ᠠᠵᠢᠯᠯᠠᠬᠰᠠᠨ ᠠᠴᠠ | ᠪᠣᠯᠵᠦ ᠨᠢᠲᠣ ᠬᠠᠪᠣᠳᠴᠦ ᠬᠦᠭᠡᠷᠡᠬᠦ ᠶᠢ ᠨᠠᠮᠲᠠᠭᠠᠬᠤ ᠬᠠᠮᠤᠬ ᠰᠠᠶᠢᠨ ᠠᠷᠭ᠎ᠠ ᠭᠡᠪᠡᠯ ᠨᠢᠲᠣᠨ ᠤ ᠲᠣᠭᠤᠷᠢᠨ ᠳᠠᠬᠢ | ᠠᠷᠠᠰᠣᠨ ᠳᠤ ᠣᠰᠣ ᠪᠣᠯᠣᠨ ᠰᠢᠮ᠎ᠠ ᠲᠡᠵᠢᠭᠡᠯ ᠨᠦᠬᠦᠪᠦᠷᠢᠯᠡᠵᠦ᠂ ᠲᠣᠰ ᠪᠡᠶ᠎ᠡ ᠶᠢᠨ ᠬᠢᠨᠢ ᠣᠷᠴᠢᠯ ᠪᠣᠯᠣᠨ ᠬᠤᠣᠷ᠎ᠠ ᠶᠢ | ᠭᠠᠲᠠᠬᠰᠢᠯᠠᠭᠤᠯᠤᠬ ᠴᠢᠲᠠᠪᠣᠷᠢ ᠶᠢ ᠨᠡᠮᠡᠭᠲᠡᠬᠦᠯᠬᠦ ᠶᠠᠪᠣᠲᠠᠯ ᠪᠣᠯᠣᠨ᠎ᠠ᠃ ᠲᠡᠭᠡᠬᠦ ᠳᠡᠭᠡᠨ ᠨᠢᠭᠤᠷ ᠢᠶᠠᠨ ᠣᠬᠢᠶᠠᠬᠰᠠᠨ ᠤ | ᠲᠠᠷᠠᠭ᠎ᠠ ᠣᠰᠣ ᠨᠦᠬᠦᠪᠦᠷᠢᠯᠡᠬᠦ ᠨᠢᠲᠣᠨ ᠪᠦᠷᠬᠦᠬᠦᠯ ᠬᠡᠷᠡᠭᠯᠡᠪᠡᠯ ᠠᠷᠠᠰᠣ ᠶᠢ ᠨᠡᠩ ᠨᠢᠬᠲᠠ ᠴᠢᠩᠭ᠎ᠠ ᠪᠣᠯᠭᠠᠲᠠᠬ᠃ | 3. ᠬᠦᠯᠲᠡᠭᠡᠵᠦ ᠨᠣᠨᠲᠠᠬᠯᠠᠬᠰᠠᠨ ᠦᠷᠭᠡᠰᠦᠲᠦ ᠬᠡᠮᠭᠡ᠄ ᠵᠢᠵᠢᠭ ᠦᠷᠭᠡᠰᠦᠲᠦ ᠬᠡᠮᠭᠡ ᠪᠣᠯ ᠬᠠᠯᠠᠭᠤᠨ ᠢ ᠪᠠᠭᠤᠷᠠᠭᠤᠯᠣᠨ | ᠬᠠᠪᠣᠳᠬᠤ ᠶᠢ ᠨᠠᠮᠲᠠᠭᠠᠬᠤ ᠦᠢᠯᠡᠲᠦᠯ ᠲᠠᠢ ᠪᠢᠯᠡ᠃ ᠡᠶᠢᠮᠦ ᠠᠴᠠ ᠰᠦᠨᠢᠵᠢᠨ ᠠᠵᠢᠯᠯᠠᠬᠤ ᠵᠣᠷᠰᠢᠯ ᠲᠠᠢ ᠬᠦᠮᠦᠰ | ᠦᠪᠡᠰᠦᠪᠡᠨ ᠦᠷᠭᠡᠰᠦᠲᠦ ᠬᠡᠮᠭᠡ ᠪᠡᠯᠡᠳᠭᠡᠵᠦ᠂ ᠦᠷᠭᠡᠰᠦᠲᠦ ᠬᠡᠮᠭᠡ ᠪᠠᠨ ᠨᠣᠨᠲᠠᠬᠯᠠᠵᠦ ᠬᠦᠯᠲᠡᠭᠡᠭᠰᠡᠨ ᠤ ᠬᠤᠶᠢᠨ᠎ᠠ | ᠬᠠᠪᠣᠳᠴᠦ ᠬᠦᠭᠡᠷᠡᠭᠰᠡᠨ ᠨᠢᠲᠣᠨ ᠤ ᠪᠠᠨ ᠬᠡᠰᠡᠭ ᠲᠤ 10 — 15 ᠮᠢᠨᠦᠲ ᠲᠦᠷᠬᠢᠪᠡᠯ ᠬᠠᠪᠣᠳᠴᠦ ᠬᠦᠭᠡᠷᠡᠭᠰᠡᠨ ᠢ | ᠨᠠᠮᠲᠠᠭᠠᠬᠤ ᠦᠢᠯᠡᠲᠦᠯ ᠲᠠᠢ ᠪᠢᠯᠡ᠃ | 4. ᠬᠠᠯᠠᠭᠤᠨ ᠬᠦᠢᠲᠡᠨ ᠡᠭᠡᠯᠵᠢᠯᠡᠨ ᠬᠠᠪᠣᠳᠬᠤ ᠶᠢ ᠨᠠᠮᠲᠠᠭᠠᠬᠤ ᠠᠷᠭ᠎ᠠ᠄ ᠬᠠᠯᠠᠭᠤᠨ ᠬᠦᠢᠲᠡᠨ ᠡᠭᠡᠯᠵᠢᠯᠡᠬᠦ ᠠᠷᠭ᠎ᠠ ᠪᠠᠷ | ᠬᠠᠪᠣᠳᠴᠦ ᠬᠦᠭᠡᠷᠡᠭᠰᠡᠨ ᠨᠢᠲᠦᠨ ᠤ ᠬᠡᠰᠡᠭ ᠤᠨ ᠴᠢᠰᠣᠨ ᠰᠣᠲᠠᠯ ᠢ ᠣᠷᠢᠲᠠᠪᠠᠷ ᠲᠡᠨᠡᠶᠢᠯᠭᠡᠵᠦ ᠲᠠᠬᠢᠨ ᠠᠪᠴᠢᠭᠠᠵᠦ᠂ | ᠡᠬᠦᠨ ᠤ ᠣᠯᠠᠮ ᠢᠶᠠᠷ ᠴᠢᠰᠣᠨ ᠤ ᠡᠷᠬᠢᠯᠲᠡ ᠶᠢ ᠠᠬᠢᠭᠤᠯᠵᠦ᠂ ᠬᠠᠪᠣᠲᠣᠬᠰᠠᠨ ᠢ ᠨᠠᠮᠲᠠᠭᠠᠵᠣ ᠪᠣᠯᠣᠨ᠎ᠠ᠃ ᠬᠠᠯᠠᠭᠤᠨ | ᠠᠯᠴᠢᠭᠤᠷ ᠢᠶᠠᠷ ᠨᠢᠲᠣᠨ ᠤ ᠬᠡᠰᠡᠭ ᠢᠶᠠᠨ ᠲᠠᠷᠣᠬᠰᠠᠨ ᠤ ᠬᠤᠶᠢᠨ᠎ᠠ ᠲᠠᠬᠢᠨ ᠬᠦᠢᠲᠡᠨ ᠠᠯᠴᠢᠭᠤᠷ ᠢᠶᠠᠷ ᠨᠢᠲᠣᠨ ᠤ | ᠬᠡᠰᠡᠭ ᠢᠶᠠᠨ ᠲᠠᠷᠣᠵᠦ᠂ ᠡᠨᠡ ᠮᠡᠲᠦ ᠪᠠᠷ ᠭᠤᠷᠪᠠ ᠣᠲᠠᠭ᠎ᠠ ᠡᠭᠡᠯᠵᠢᠯᠡᠨ᠎ᠡ᠃ ᠭᠡᠬᠦ ᠳᠡᠭᠡᠨ ᠬᠠᠯᠠᠭᠤᠨ ᠠᠯᠴᠢᠭᠤᠷ ᠢᠶᠠᠷ | ᠲᠠᠷᠣᠬᠤ ᠪᠠ ᠬᠦᠢᠲᠡᠨ ᠠᠯᠴᠢᠭᠤᠷ ᠢᠶᠠᠷ ᠲᠠᠷᠣᠬᠤ ᠴᠠᠬ ᠤᠨ ᠬᠠᠷᠢᠴᠠᠯ ᠢ 1᠄ 2 ᠢᠶᠠᠷ ᠲᠣᠬᠢᠷᠠᠭᠤᠯᠵᠦ᠂ ᠬᠠᠮᠤᠬ ᠨᠠᠭᠠᠲᠣ | ᠵᠠᠬ᠎ᠠ ᠳᠠᠭᠠᠨ 5 ᠮᠢᠨᠦ᠋ᠲ ᠡᠭᠡᠯᠵᠢᠯᠡᠨ ᠲᠠᠷᠣᠪᠠᠯ ᠦᠷ᠎ᠡ ᠪᠦᠲᠦᠮᠵᠢ ᠨᠢ ᠨᠡᠩ ᠰᠠᠶᠢᠨ ᠪᠠᠶᠢᠲᠠᠬ᠃ | 5. ᠲᠠᠪᠣᠰᠣ ᠲᠠᠢ ᠣᠰᠣ ᠪᠠᠷ ᠬᠠᠪᠣᠲᠣᠬᠰᠠᠨ ᠢ ᠨᠠᠮᠲᠠᠭᠠᠬᠤ ᠠᠷᠭ᠎ᠠ᠄ 500 ᠮᠢᠯᠢᠯᠢᠲᠷ ᠤᠨ ᠪᠦᠯᠢᠶᠠᠨ ᠣᠰᠣᠨ ᠳᠤ | ᠵᠢᠭᠠᠬᠠᠨ ᠰᠢᠨᠠᠭ᠎ᠠ ᠬᠢᠷᠢᠲᠡᠢ ᠲᠠᠪᠣᠰᠣ ᠬᠢᠵᠦ ᠪᠦᠷᠢᠮᠦᠰᠦᠨ ᠠᠭᠤᠰᠣᠬᠰᠠᠨ ᠤ ᠲᠠᠷᠠᠭ᠎ᠠ ᠱᠠ ᠪᠦᠰ ᠢᠶᠠᠨ ᠣᠰᠣᠨ ᠳᠤ | ᠲᠡᠪᠲᠦᠭᠡᠨᠠ᠃ ᠬᠠᠮᠤᠬ ᠰᠡᠬᠦᠯ ᠳᠤᠨᠢ ᠱᠠ ᠪᠦᠰ ᠢᠶᠠᠨ ᠲᠦᠷᠪᠡᠯᠵᠢᠨ ᠬᠡᠯᠪᠡᠷᠢᠲᠡᠢ ᠪᠣᠯᠭᠠᠨ ᠨᠣᠭᠤᠯᠵᠦ ᠬᠠᠪᠣᠳᠴᠦ | ᠬᠦᠭᠡᠷᠡᠭᠰᠡᠨ ᠨᠢᠲᠣᠨ ᠲᠡᠭᠡᠷ᠎ᠡ ᠪᠠᠨ ᠲᠠᠯᠪᠢᠪᠠᠯ ᠪᠣᠯᠴᠢᠬᠠᠨ᠎ᠠ᠃ | 6. ᠬᠠᠷ᠎ᠠ ᠺᠣᠹᠧ ᠣᠣᠭᠤᠬᠤ᠄ ᠬᠠᠷ᠎ᠠ ᠺᠣᠹᠧ ᠳᠤ ᠠᠭᠤᠯᠣᠬᠲᠠᠬᠤ ᠺᠣᠹᠶ᠋ᠢᠨ ᠨᠢ ᠣᠰᠣ ᠶᠢ ᠭᠠᠲᠠᠬᠰᠢᠯᠠᠭᠤᠯᠬᠤ | ᠦᠢᠯᠡᠲᠦᠯ ᠲᠠᠢ ᠪᠠᠶᠢᠵᠦ᠂ ᠬᠠᠪᠣᠳᠴᠦ ᠬᠦᠭᠡᠷᠡᠭᠰᠡᠨ ᠨᠢᠲᠣ ᠶᠢ ᠨᠠᠮᠲᠠᠭᠠᠬᠤ ᠳᠤ ᠣᠨᠴᠠ ᠦᠢᠯᠡᠲᠦᠯ ᠲᠠᠢ ᠪᠢᠯᠡ᠃ | ᠦᠷᠯᠦᠭᠡ ᠶᠢᠨ ᠬᠤᠭᠤᠯᠠᠨ ᠤ ᠲᠠᠷᠠᠭ᠎ᠠ ᠨᠢᠭᠡ ᠴᠣᠮᠣ ᠬᠠᠷ᠎ᠠ ᠺᠣᠹᠧ ᠣᠣᠭᠤᠪᠠᠯ ᠪᠠᠷᠤᠬ 30 ᠮᠢᠨᠦᠲ ᠤᠨ ᠲᠠᠷᠠᠭ᠎ᠠ | ᠨᠢᠲᠦᠨ ᠤ ᠬᠠᠪᠣᠳᠴᠦ ᠬᠦᠭᠡᠷᠡᠭᠰᠡᠨ ᠪᠠᠶᠢᠲᠠᠯ ᠨᠠᠮᠲᠠᠲᠠᠬ ᠶᠣᠮ᠃ ᠲᠡᠭᠡᠬᠦ ᠳᠡᠭᠡᠨ ᠬᠡᠲᠦ ᠢᠯᠡᠬᠦᠦ ᠣᠣᠭᠤᠬᠤ ᠠᠴᠠ | ᠰᠡᠷᠭᠡᠶᠢᠯᠡᠵᠦ᠂ ᠣᠨᠴᠠᠭᠠᠢᠢᠯᠠᠨ ᠪᠦᠰᠡᠬᠦ᠋ᠢᠴᠣᠳ ᠬᠠᠷ᠎ᠠ ᠺᠣᠹᠧ ᠬᠡᠲᠦᠷᠡᠲᠡᠯ᠎ᠡ ᠣᠣᠭᠤᠪᠠᠯ ᠡᠷᠡᠬᠦᠯ ᠮᠠᠨᠲᠣ ᠶᠢ ᠨᠦᠯᠦᠭᠡᠯᠡᠬᠦ | ᠪᠣᠯᠣᠨ᠎ᠠ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |